ᠴᠢᠬᠢᠨ ᠤ ᠵᠠᠰᠠᠯ
ᠨᠡᠶᠢᠲᠡᠯᠡᠭᠰᠡᠨ ᠴᠠᠭ᠄
2025/5/9
      ᠣᠷᠳᠣᠰ ᠬᠤᠲᠠ ᠶᠢᠨ ᠵᠡᠭᠦᠨᠭᠠᠷ ᠬᠤᠰᠢᠭᠤᠨ ᠤ ᠰᠢ ᠭᠧᠦ ᠫᠠᠨ ᠳᠠᠬᠢ 2 ᠳ᠋ᠤᠭᠠᠷ ᠨᠣᠮᠧᠷᠲᠤ ᠣᠩᠭᠤᠨ ᠠᠴᠠ ᠣᠯᠳᠠᠭᠰᠠᠨ ᠴᠢᠬᠢᠨ ᠤ ᠵᠠᠰᠠᠯ ᠳᠤ᠂ ᠳᠡᠭᠡᠷ᠎ᠡ ᠲᠠᠯ᠎ᠠ ᠳᠤᠨᠢ ᠪᠥᠭᠡᠷᠡᠩᠬᠡᠢ ᠡᠷᠭᠢᠭᠦᠯᠭᠡᠨ ᠬᠡᠯᠪᠡᠷᠢᠲᠡᠢ ᠭᠠᠷᠠᠬ᠎ᠠ ᠪᠠᠶᠢᠵᠤ᠂ ᠳᠣᠣᠷ᠎ᠠ ᠨᠢ ᠭᠤᠷᠪᠠᠨ ᠠᠯᠲᠠᠨ ᠤᠲᠠᠰᠤ ᠪᠠᠷ ᠡᠷᠭᠢᠯᠳᠦᠭᠦᠯᠦᠨ ᠵᠣᠬᠢᠶᠠᠭᠰᠠᠨ ᠱᠣᠷᠣᠯᠵᠢᠨ ᠪᠡᠶᠡᠲᠦ ᠬᠠᠷᠢᠮᠠᠭ ᠬᠡᠯᠪᠡᠷᠢᠲᠦ ᠤᠨᠵᠢᠯᠠᠭ᠎ᠠ ᠵᠠᠯᠭᠠᠵᠤ᠂ ᠨᠦᠭᠦᠭᠡ ᠨᠢᠭᠡ ᠨᠢ ᠳᠡᠭᠡᠷ᠎ᠡ ᠳᠣᠣᠷ᠎ᠠ ᠨᠢ ᠪᠦᠷ ᠠᠯᠲᠠᠨ ᠤᠲᠠᠰᠤ ᠪᠠᠷ ᠡᠷᠭᠢᠯᠳᠦᠭᠦᠯᠦᠨ ᠵᠣᠬᠢᠶᠠᠭᠰᠠᠨ ᠬᠠᠷᠢᠮᠠᠭ ᠬᠡᠯᠪᠡᠷᠢᠲᠦ ᠱᠣᠷᠣᠯᠵᠢᠨ ᠪᠡᠶᠡᠲᠦ ᠪᠠᠶᠢᠵᠤ᠂ ᠳᠤᠮᠳᠠ ᠨᠢ ᠨᠢᠭᠡᠨ ᠵᠢᠭᠠᠬᠠᠨ ᠬᠠᠪᠲᠠᠭᠠᠢ ᠳᠥᠷᠪᠡᠯᠵᠢᠨ ᠬᠡᠯᠪᠡᠷᠢᠲᠡᠢ ᠤᠭ᠍ᠶᠤ ᠬᠤᠯᠪᠣᠭᠰᠠᠨ ᠪᠠᠶᠢᠳᠠᠭ᠃        ᠬᠠᠮᠤᠭ ᠣᠯᠠᠨ ᠲᠣᠬᠢᠶᠠᠯᠳᠤᠳᠠᠭ ᠨᠢ ᠪᠠᠰᠠ ︽ᠬᠠᠷᠢᠮᠠᠭ ᠬᠡᠯᠪᠡᠷᠢᠲᠦ ᠭᠠᠷᠠᠬ᠎ᠠ︾ ᠪᠣᠯᠣᠨ᠎ᠠ᠃ ︽ᠬᠠᠷᠢᠮᠠᠭ ᠬᠡᠯᠪᠡᠷᠢᠳᠤ ᠭᠠᠷᠠᠬ᠎ᠠ︾ ᠭᠡᠳᠡᠭ ᠨᠢ ᠲᠡᠳᠡᠭᠡᠷ ᠠᠯᠳᠠᠨ ᠤᠲᠠᠰᠤ ᠪᠤᠶᠤ ᠵᠡᠰ ᠤᠲᠠᠰᠤ ᠪᠠᠷ ᠬᠡᠳᠦᠨ ᠴᠠᠭᠠᠷᠢᠭ ᠣᠷᠢᠶᠠᠭᠰᠠᠨ ᠬᠡᠯᠪᠡᠷᠢ ᠳᠦᠷᠰᠦ ᠨᠢ ᠥᠨᠥᠳᠥᠷ ᠤᠨ ᠬᠠᠷᠢᠮᠠᠭ ᠲᠠᠢ ᠠᠳᠠᠯᠢᠪᠲᠤᠷ ᠪᠠᠶᠢᠳᠠᠭ᠃ ᠬᠠᠷᠢᠮᠠᠭ ᠬᠡᠯᠪᠡᠷᠢᠳᠤ ᠭᠠᠷᠠᠬ᠎ᠠ ᠪᠣᠯ ᠡᠷᠲᠡ ᠦᠶ᠎ᠡ ᠶᠢᠨ ᠤᠮᠠᠷᠠᠲᠤ ᠶᠢᠨ ᠦᠨᠳᠦᠰᠦᠲᠡᠨ ᠳᠤ ᠯᠡ ᠪᠠᠶᠢᠳᠠᠭ ᠴᠢᠬᠢᠨ ᠤ ᠵᠠᠰᠠᠯ ᠪᠣᠯᠣᠨ᠎ᠠ᠃
微信图片_20241121112700.png
微信图片_20241121112718.png
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ