2023 ᠣᠨ ᠤ 6 ᠰᠠᠷ᠎ᠠ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠠᠯᠪᠠᠨ ᠲᠢᠩᠬᠢᠮ᠂ ᠲᠥᠷᠥ ᠶᠢᠨ ᠶᠠᠪᠤᠳᠠᠯ ᠤᠨ | ᠬᠤᠷᠢᠶᠠᠨ ᠤ ᠠᠯᠪᠠᠨ ᠲᠢᠩᠬᠢᠮ ︽ᠴᠢᠨᠠᠷ ᠰᠠᠶᠢᠳᠠᠢ ᠪᠥᠭᠡᠳ ᠲᠡᠩᠴᠡᠭᠦᠷᠢᠲᠡᠢ ᠣᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠨᠳᠦᠰᠦᠨ ᠦᠢᠯᠡᠴᠢᠯᠡᠭᠡᠨ ᠤ | ᠳᠤᠭᠳᠠᠯᠴᠠᠭ᠎ᠠ ᠶᠢ ᠪᠠᠶᠢᠭᠤᠯᠬᠤ ᠲᠤᠬᠠᠢ ᠰᠠᠨᠠᠯ︾ ᠢ ᠳᠠᠷᠤᠮᠠᠯᠯᠠᠨ ᠲᠠᠷᠬᠠᠭᠠᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠰᠤᠷᠭᠠᠨ ᠬᠥᠮᠦᠵᠢᠯ ᠤᠨ ᠴᠢᠭᠯᠡᠯᠲᠡ ᠶᠢ ᠪᠦᠬᠦ ᠲᠠᠯ᠎ᠠ ᠪᠠᠷ | ᠲᠤᠤᠱᠯᠠᠭᠤᠯᠵᠤ᠂ ᠠᠷᠠᠳ ᠲᠦᠮᠡᠨ ᠢᠶᠠᠷ ᠭᠤᠣᠯ ᠪᠣᠯᠭᠠᠬᠤ ᠶᠢ ᠪᠠᠷᠢᠮᠳᠠᠯᠠᠨ᠂ ᠤᠯᠤᠰ ᠤᠨ ᠪᠠᠶᠢᠯᠳᠤᠬᠤ ᠪᠣᠳᠣᠯᠭ᠎ᠠ ᠶᠢᠨ ᠬᠡᠷᠡᠭᠴᠡᠭᠡ ᠳᠤ ᠦᠢᠯᠡᠴᠢᠯᠡᠵᠦ᠂ ᠠᠷᠠᠳ | ᠤᠯᠠᠨ ᠤ ᠪᠠᠴᠢᠮ ᠬᠡᠷᠡᠭᠴᠡᠭᠡ ᠱᠠᠭᠠᠷᠳᠠᠯᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠤᠷᠢᠳᠠᠪᠠᠷ ᠪᠠᠲᠤᠯᠠᠬᠤ᠂ ᠵᠠᠰᠠᠭ ᠤᠨ ᠣᠷᠳᠣᠨ ᠭᠤᠣᠯᠯᠠᠨ ᠬᠠᠷᠢᠭᠤᠴᠠᠬᠤ᠂ | ᠳᠤᠲᠠᠭᠤᠳᠠᠯ ᠢᠶᠠᠨ ᠨᠥᠬᠦᠪᠦᠷᠢᠯᠡᠬᠦ᠂ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠤᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠨᠳᠦᠰᠦᠨ | ᠦᠢᠯᠡᠴᠢᠯᠡᠭᠡᠨ ᠤ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠬᠡᠷᠡᠭᠲᠡᠢ ᠬᠡᠵᠡᠢ᠃ | 1. ᠴᠢᠨᠠᠷ ᠰᠠᠶᠢᠲᠠᠢ ᠪᠥᠭᠡᠳ ᠲᠡᠩᠴᠡᠭᠦᠷᠢᠲᠡᠢ ᠣᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠨᠳᠦᠰᠦᠨ ᠦᠢᠯᠡᠴᠢᠯᠡᠭᠡᠨ ᠤ ᠳᠤᠭᠳᠠᠯᠴᠠᠭ᠎ᠠ ᠭᠡᠳᠡᠭ ᠨᠢ | ᠶᠠᠭᠤ ᠶᠢ ᠵᠢᠭᠠᠵᠤ ᠪᠠᠶᠢᠬᠤ ᠪᠣᠶ︖ | ᠶᠠᠭᠤ ᠶᠢ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡ ᠭᠡᠬᠦ ᠪᠤᠢ︖ ᠦᠢᠯᠡᠴᠢᠯᠡᠭᠡᠨ ᠤ ᠬᠠᠩᠭᠠᠯᠭ᠎ᠠ ᠶᠢᠨ ᠡᠷᠬᠡ ᠬᠠᠷᠢᠭᠤᠴᠠᠯᠭ᠎ᠠ ᠶᠢᠨ ᠠᠩᠭᠢᠯᠠᠯ ᠠᠴᠠ | ᠠᠪᠴᠤ ᠦᠵᠡᠪᠡᠯ᠂ ᠤᠯᠠᠨ ᠨᠡᠶᠢᠲᠡ ᠶᠢᠨ ᠦᠢᠯᠡᠴᠢᠯᠡᠭᠡ ᠳᠤ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡ᠂ ᠲᠦᠭᠡᠮᠡᠯ ᠬᠠᠷᠠᠭᠠᠯᠵᠠᠯ ᠤᠨ ᠴᠢᠨᠠᠷᠲᠠᠢ ᠤᠯᠠᠨ | ᠨᠡᠶᠢᠲᠡ ᠶᠢᠨ ᠦᠨᠳᠦᠰᠦᠨ ᠪᠤᠰᠤ ᠦᠢᠯᠡᠴᠢᠯᠡᠭᠡ ᠭᠡᠬᠦ ᠬᠤᠶᠠᠷ ᠶᠡᠭᠡ ᠲᠦᠷᠦᠯ ᠪᠠᠭᠲᠠᠨ᠎ᠠ᠃ | ᠡᠭᠦᠨ ᠳᠤ᠂ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡ ᠪᠣᠯ ᠪᠦᠬᠦ ᠠᠷᠠᠳ ᠲᠦᠮᠡᠨ ᠤ ᠣᠷᠣᠰᠢᠨ ᠲᠣᠭᠲᠠᠨᠢᠬᠤ ᠪᠠ ᠬᠥᠭᠵᠢᠯᠲᠡ ᠶᠢᠨ ᠦᠨᠳᠦᠰᠦᠨ | ᠬᠡᠷᠡᠭᠴᠡᠭᠡ ᠶᠢ ᠪᠠᠲᠤᠯᠠᠬᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠬᠢᠷᠢ ᠬᠡᠮᠵᠢᠶ᠎ᠡ ᠲᠠᠢ ᠵᠣᠬᠢᠴᠠᠯᠳᠤᠭᠰᠠᠨ ᠤᠯᠠᠨ ᠨᠡᠶᠢᠲᠡ ᠶᠢᠨ ᠦᠢᠯᠡᠴᠢᠯᠡᠭᠡ ᠮᠥᠨ᠂ | ᠬᠠᠩᠭᠠᠯᠭ᠎ᠠ ᠶᠢᠨ ᠲᠤᠭ᠎ᠠ ᠬᠡᠮᠵᠢᠶ᠎ᠡ ᠪᠠ ᠶᠠᠰᠤ ᠴᠢᠨᠠᠷ ᠢ ᠪᠠᠲᠤᠯᠠᠬᠤ ᠭᠤᠣᠯ ᠬᠠᠷᠢᠭᠤᠴᠠᠯᠭ᠎ᠠ ᠶᠢ ᠵᠠᠰᠠᠭ ᠤᠨ ᠣᠷᠳᠣᠨ ᠠᠴᠠ ᠡᠭᠦᠷᠭᠡᠯᠡᠵᠦ᠂ ᠵᠠᠬ᠎ᠠ ᠳᠡᠯᠭᠡᠭᠦᠷ ᠤᠨ | ᠪᠡᠶᠡᠴᠢ ᠴᠣᠭᠴᠠ ᠪᠠ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠨᠡᠶᠢᠭᠡᠮ ᠤᠨ ᠪᠠᠶᠢᠭᠤᠯᠤᠮᠵᠢ ᠶᠢ ᠬᠥᠲᠥᠯᠥᠨ ᠵᠢᠯᠤᠭᠤᠳᠴᠤ ᠪᠠᠶᠢᠭᠠᠳ ᠬᠠᠩᠭᠠᠯᠭ᠎ᠠ ᠶᠢ | ᠨᠥᠬᠦᠪᠦᠷᠢᠯᠡᠭᠦᠯᠦᠨᠡ᠃ ᠡᠭᠦᠨ ᠳᠤ ᠭᠤᠣᠯᠳᠠᠭᠤ ᠨᠢᠯᠬ᠎ᠠ ᠬᠡᠦᠬᠡᠳ ᠢ ᠬᠠᠷᠠᠭᠠᠯᠵᠠᠬᠤ ᠭᠠᠵᠠᠷ ᠲᠠᠢ᠂ ᠰᠤᠷᠤᠯᠴᠠᠬᠤ ᠠᠴᠠ ᠰᠤᠷᠭᠠᠨ ᠬᠥᠮᠦᠵᠢᠯ ᠲᠠᠢ᠂ | ᠬᠥᠳᠡᠯᠮᠦᠷᠢᠯᠡᠪᠡᠯ ᠣᠷᠣᠯᠭ᠎ᠠ ᠲᠠᠢ᠂ ᠡᠪᠡᠳᠴᠢᠯᠡᠪᠡᠯ ᠡᠮᠨᠡᠯᠭᠡ ᠲᠠᠢ᠂ ᠥᠲᠡᠯᠪᠡᠯ ᠠᠰᠠᠷᠠᠮᠵᠢ ᠲᠠᠢ᠂ ᠰᠠᠭᠤᠬᠤ ᠠᠴᠠ ᠣᠷᠣᠨ ᠰᠠᠭᠤᠴᠠ ᠲᠠᠢ᠂ ᠪᠠᠭᠤᠷᠠᠢ ᠳᠤ ᠨᠢ | ᠲᠡᠳᠬᠦᠮᠵᠢ ᠲᠠᠢ᠂ ᠴᠡᠷᠢᠭ ᠢ ᠤᠨᠴᠠ ᠬᠠᠷᠠᠭᠠᠯᠵᠠᠬᠤ ᠦᠢᠯᠡᠴᠢᠯᠡᠭᠡᠨ ᠤ ᠪᠠᠲᠤᠯᠠᠭ᠎ᠠ ᠪᠠ ᠰᠣᠶᠣᠯ ᠪᠡᠶ᠎ᠡ ᠶᠢᠨ ᠲᠠᠮᠢᠷ ᠤᠨ ᠦᠢᠯᠡᠴᠢᠯᠡᠭᠡᠨ ᠤ ᠪᠠᠲᠤᠯᠠᠭ᠎ᠠ ᠵᠡᠷᠭᠡ 9 | ᠬᠦᠷᠢᠶᠡᠨ ᠤ ᠬᠤᠯᠪᠣᠭᠳᠠᠯ ᠪᠦᠬᠦᠢ ᠦᠢᠯᠡᠴᠢᠯᠡᠭᠡ ᠶᠢ ᠪᠠᠭᠲᠠᠭᠠᠨ᠎ᠠ᠃ | ᠣᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠨᠳᠦᠰᠦᠨ ᠦᠢᠯᠡᠴᠢᠯᠡᠭᠡᠨ ᠤ ᠳᠤᠭᠳᠠᠯᠴᠠᠭ᠎ᠠ ᠳᠤ ᠭᠤᠷᠪᠠᠨ ᠲᠠᠯ᠎ᠠ ᠶᠢᠨ ᠠᠭᠤᠯᠭ᠎ᠠ ᠪᠠᠭᠲᠠᠨ᠎ᠠ᠄ | ᠨᠢᠭᠡ ᠳᠤ᠂ ᠠᠯᠪᠠᠨ ᠵᠢᠷᠤᠮ ᠤᠨ ᠰᠤᠷᠭᠠᠨ ᠬᠥᠮᠦᠵᠢᠯ ᠢ ᠪᠠᠲᠤᠯᠠᠵᠤ᠂ ︽ᠴᠢᠨᠠᠷ ᠰᠠᠶᠢᠲᠠᠢ ᠪᠥᠭᠡᠳ ᠲᠡᠩᠴᠡᠭᠦᠷᠢᠲᠡᠢ ᠪᠠᠶᠢᠬᠤ︾ ᠶᠢ ᠪᠡᠶᠡᠯᠡᠬᠦᠯᠦᠨ᠎ᠡ᠃ | ᠬᠤᠶᠠᠷ ᠲᠤ᠂ ᠡᠯ᠎ᠡ ᠱᠠᠲᠤᠨ ᠤ ᠡᠯ᠎ᠡ ᠲᠦᠷᠦᠯ ᠤᠨ ᠰᠤᠷᠭᠠᠨ ᠬᠥᠮᠦᠵᠢᠯ ᠤᠨ ᠰᠤᠷᠤᠭᠴᠢᠳ ᠢ ᠲᠡᠳᠬᠦᠨ ᠲᠤᠰᠠᠯᠠᠬᠤ ᠶᠢ ᠪᠠᠲᠤᠯᠠᠵᠤ᠂ ︽ᠲᠤᠰᠠᠯᠠᠪᠠᠰᠤ ᠵᠣᠬᠢᠬᠤ ᠶᠢ | ᠨᠢ ᠴᠥᠮ ᠲᠤᠰᠠᠯᠠᠬᠤ︾ ᠶᠢ ᠪᠡᠶᠡᠯᠡᠭᠦᠯᠦᠨ᠎ᠡ︔ ᠭᠤᠷᠪᠠ ᠳᠤ᠂ ᠵᠠᠯᠠᠭᠤ ᠪᠠᠭᠠᠴᠤᠳ ᠲᠤ ᠬᠠᠨᠳᠤᠭᠤᠯᠤᠭᠰᠠᠨ ᠡᠷᠡᠭᠦᠯ ᠬᠠᠮᠠᠭᠠᠯᠠᠯ ᠡᠷᠡᠭᠦᠯ ᠮᠡᠨᠳᠤ᠂ ᠰᠣᠶᠣᠯ | ᠪᠡᠶ᠎ᠡ ᠶᠢᠨ ᠲᠠᠮᠢᠷ᠂ ᠠᠵᠢᠯ ᠣᠯᠭᠤᠯᠲᠠ ᠦᠢᠯᠡᠰ ᠪᠣᠰᠬᠠᠬᠤ ᠵᠡᠷᠭᠡ ᠪᠤᠰᠤᠳ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡ ᠶᠢ ᠪᠠᠲᠤᠯᠠᠵᠤ᠂ ︽ᠪᠠᠲᠤᠯᠠᠬᠤ | ᠶᠣᠰᠣᠲᠠᠢ ᠶᠢ ᠨᠢ ᠪᠦᠬᠦᠨ ᠢ ᠪᠠᠲᠤᠯᠠᠬᠤ︾ ᠶᠢ ᠪᠡᠶᠡᠯᠡᠬᠦᠯᠦᠨ᠎ᠡ᠃ | ᠠᠯᠪᠠᠨ ᠵᠢᠷᠤᠮ ᠤᠨ ᠰᠤᠷᠭᠠᠨ ᠬᠥᠮᠦᠵᠢᠯ ᠤᠨ ︽ᠴᠢᠨᠠᠷ ᠰᠠᠶᠢᠲᠠᠢ ᠪᠥᠭᠡᠳ ᠲᠡᠩᠴᠡᠭᠦᠷᠢᠲᠡᠢ︾ ᠭᠡᠳᠡᠭ ᠤᠨ ᠤᠬᠠᠭᠳᠠᠬᠤᠨ ᠢ ᠬᠡᠷᠬᠢᠨ ᠣᠶᠢᠯᠠᠭᠠᠬᠤ ᠪᠣᠶ︖ | ︽ᠦᠨᠳᠦᠰᠦᠨ ᠳᠡᠭᠡᠨ ᠲᠡᠩᠴᠡᠭᠦᠷᠢᠲᠡᠢ︾ ᠭᠡᠳᠡᠭ ᠲᠠᠢ ᠶᠠᠮᠠᠷ ᠢᠯᠭᠠᠭ᠎ᠠ ᠲᠠᠢ ᠪᠤᠶ︖ ᠠᠯᠪᠠᠨ ᠵᠢᠷᠤᠮ ᠤᠨ ᠰᠤᠷᠭᠠᠨ ᠬᠥᠮᠦᠵᠢᠯ ᠢ ᠴᠢᠨᠠᠷ ᠰᠠᠶᠢᠲᠠᠢ ᠪᠥᠭᠡᠳ | ᠲᠡᠩᠴᠡᠭᠦᠷᠢᠲᠡᠢ ᠬᠥᠭᠵᠢᠭᠦᠯᠬᠦ ᠪᠣᠯ ᠦᠨᠳᠦᠰᠦᠨ ᠳᠡᠭᠡᠨ ᠲᠡᠩᠴᠡᠭᠦᠷᠢᠲᠡᠢ ᠪᠠᠶᠢᠯᠭᠠᠬᠤ ᠰᠠᠭᠤᠷᠢᠨ ᠳᠡᠭᠡᠷ᠎ᠡ ᠳᠠᠪᠬᠤᠴᠠᠭᠤᠯᠤᠨ ᠲᠠᠰ ᠳᠡᠪᠰᠢᠭᠦᠯᠬᠦ ᠶᠠᠪᠤᠳᠠᠯ ᠮᠥᠨ᠂ | ᠲᠥᠪ ᠭᠤᠥᠯᠴᠢ ᠶᠢ ᠠᠬᠢᠭᠤᠯᠬᠤ ᠪᠠ ᠶᠠᠰᠤ ᠴᠢᠨᠠᠷ ᠢ ᠳᠡᠭᠡᠭᠰᠢᠯᠡᠭᠦᠯᠬᠦ ᠶᠢ ᠵᠡᠷᠭᠡ ᠪᠠᠷ ᠴᠢᠬᠤᠯᠠᠴᠢᠯᠠᠵᠤ᠂ ︽ᠲᠡᠩᠴᠡᠭᠦᠷᠢᠲᠡᠢ ᠪᠠᠶᠢᠯᠭᠠᠬᠤ︾ ᠶᠢ | ᠴᠢᠩᠭᠠᠷᠠᠭᠤᠯᠬᠤ ᠪᠠᠷ ᠪᠠᠷᠠᠬᠤ ᠦᠭᠡᠢ ︽ᠴᠢᠨᠠᠷ ᠰᠠᠶᠢᠲᠠᠢ ᠪᠠᠶᠢᠯᠭᠠᠬᠤ︾ ᠶᠢ ᠴᠤ ᠲᠣᠪᠤᠶᠢᠯᠭᠠᠨ ᠴᠢᠬᠤᠯᠠᠴᠢᠯᠠᠬᠤ ᠶᠠᠪᠤᠳᠠᠯ ᠮᠥᠨ᠃ | ︽ᠲᠡᠩᠴᠡᠭᠦᠷᠢᠲᠡᠢ ᠪᠠᠶᠢᠯᠭᠠᠬᠤ︾ ᠶᠢᠨ ᠭᠤᠣᠯᠳᠠᠯᠭ᠎ᠠ ᠨᠢ ᠣᠷᠣᠨ ᠪᠦᠰᠡ᠂ ᠬᠤᠲᠠ ᠬᠥᠳᠡᠭᠡ᠂ ᠰᠤᠷᠭᠠᠭᠤᠯᠢ ᠶᠢᠨ ᠬᠤᠭᠤᠷᠣᠨᠳᠣᠬᠢ᠂ ᠬᠠᠮᠳᠤ ᠨᠡᠶᠢᠳᠡ | ᠶᠢᠨ ᠰᠤᠷᠭᠠᠨ ᠬᠥᠮᠦᠵᠢᠯ ᠤᠨ ᠵᠥᠷᠢᠶ᠎ᠡ ᠶᠢ ᠤᠯᠠᠮ ᠨᠢᠭᠡ ᠠᠯᠬᠤᠮ ᠪᠠᠭᠠᠰᠬᠠᠵᠤ᠂ ᠬᠥᠳᠡᠭᠡ ᠲᠣᠰᠬᠤᠨ ᠪᠠ ᠦᠨᠳᠦᠰᠦᠲᠡᠨ ᠤ ᠭᠠᠵᠠᠷ ᠣᠷᠣᠨ ᠤ ᠰᠤᠷᠭᠠᠨ | ᠬᠥᠮᠦᠵᠢᠯ ᠤᠨ ᠳᠤᠲᠠᠭᠤᠳᠠᠯ ᠢ ᠨᠥᠬᠦᠪᠦᠷᠢᠯᠡᠵᠦ᠂ ᠨᠠᠭᠠᠲᠤ ᠵᠠᠬ᠎ᠠ ᠶᠢᠨ ᠬᠢᠵᠠᠭᠠᠷ ᠱᠤᠭᠤᠮ ᠢ ᠦᠨᠡᠨ ᠬᠦ ᠪᠠᠲᠤᠯᠠᠵᠤ᠂ ᠳᠤᠤᠷᠠᠳᠤ ᠲᠦᠪᠰᠢᠨ ᠢ ᠳᠡᠭᠡᠭᠰᠢᠯᠡᠭᠦᠯᠵᠦ᠂ | ᠣᠷᠭᠢᠯ ᠢ ᠨᠢ ᠬᠤᠰᠤᠵᠤ ᠬᠦᠨᠳᠡᠢ ᠶᠢ ᠨᠢ ᠪᠥᠭᠯᠡᠬᠦ ᠦᠭᠡᠢ ᠪᠠᠶᠢᠬᠤ ᠳᠤ ᠣᠷᠣᠰᠢᠨ᠎ᠠ᠃ | ︽ᠴᠢᠨᠠᠷ ᠰᠠᠶᠢᠳᠠᠢ︾ ᠤᠨ ᠭᠤᠣᠯᠳᠠᠯᠭ᠎ᠠ ᠨᠢ ᠶᠣᠰᠣ ᠰᠤᠷᠲᠠᠬᠤᠨ ᠢ ᠪᠤᠢ ᠪᠣᠯᠭᠠᠵᠤ ᠬᠥᠮᠥᠨ ᠢ ᠬᠥᠮᠥᠵᠢᠭᠦᠯᠬᠦ ᠦᠨᠳᠦᠰᠦᠨ ᠡᠭᠦᠷᠭᠡ ᠶᠢ | ᠨᠠᠶᠢᠳᠠᠪᠤᠷᠢᠵᠢᠭᠤᠯᠵᠤ᠂ ᠬᠥᠮᠥᠨ ᠢ ᠬᠥᠮᠥᠵᠢᠭᠦᠯᠬᠦ ᠪᠠᠷ ᠦᠨᠳᠦᠰᠦ ᠪᠣᠯᠭᠠᠬᠤ ᠶᠢ ᠪᠠᠷᠢᠮᠳᠠᠯᠠᠨ᠂ ︽ᠲᠠᠪᠤᠨ ᠬᠥᠮᠦᠵᠢᠯ︾ ᠢ ᠵᠡᠷᠭᠡᠪᠡᠷ ᠠᠳᠬᠤᠬᠤ ᠶᠢ ᠪᠦᠬᠦ | ᠲᠠᠯ᠎ᠠ ᠪᠠᠷ ᠠᠬᠢᠭᠤᠯᠵᠤ᠂ ᠪᠠᠭᠰᠢ ᠶᠢᠨ ᠡᠩᠨᠡᠭᠡᠨ ᠤ ᠪᠠᠶᠢᠭᠤᠯᠤᠯᠲᠠ ᠶᠢ ᠴᠢᠩᠭᠠᠳᠬᠠᠵᠤ᠂ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠶᠠᠰᠤ ᠴᠢᠨᠠᠷ ᠢ | ᠳᠡᠭᠡᠭᠰᠢᠯᠡᠭᠦᠯᠵᠦ᠂ ᠰᠤᠷᠤᠭᠴᠢᠳ ᠤᠨ ᠬᠢᠴᠢᠶᠡᠯ ᠰᠤᠷᠤᠯᠭ᠎ᠠ ᠶᠢᠨ ᠬᠡᠳᠤ ᠬᠦᠨᠳᠦ ᠳᠠᠷᠤᠭᠠᠰᠤ ᠶᠢ ᠦᠨᠡᠨᠬᠦ ᠬᠥᠩᠭᠡᠷᠡᠭᠦᠯᠵᠦ᠂ ᠰᠤᠷᠤᠭᠴᠢᠳ ᠤᠨ ᠶᠣᠰᠣ ᠰᠤᠷᠲᠠᠬᠤᠨ | ᠤᠶᠤᠨ ᠤᠬᠠᠭᠠᠨ ᠪᠡᠶ᠎ᠡ ᠮᠠᠬᠠᠪᠤᠳ ᠭᠤᠸ᠎ᠠ ᠰᠠᠶᠢᠬᠠᠨ ᠬᠥᠳᠡᠯᠮᠦᠷᠢ ᠵᠡᠷᠬᠡ ᠪᠦᠬᠦ ᠲᠠᠯ᠎ᠠ ᠪᠠᠷ ᠬᠥᠭᠵᠢᠬᠦ ᠪᠠ ᠡᠷᠡᠭᠦᠯ ᠢᠶᠠᠷ ᠦᠰᠦᠨ ᠪᠣᠶᠢᠵᠢᠬᠤ ᠶᠢ ᠠᠬᠢᠭᠤᠯᠤᠨ᠎ᠠ᠃ | ᠴᠢᠨᠠᠷ ᠰᠠᠶᠢᠳᠠᠢ ᠪᠦᠬᠡᠳ ᠲᠡᠩᠴᠡᠭᠦᠷᠢᠲᠡᠢ ᠪᠠᠶᠢᠯᠭᠠᠬᠤ ᠪᠠ ᠦᠨᠳᠦᠰᠦᠨ ᠳᠡᠭᠡᠨ ᠲᠡᠩᠴᠡᠭᠦᠷᠢᠲᠡᠢ ᠪᠠᠶᠢᠯᠭᠠᠬᠤ ᠶᠢᠨ ᠢᠯᠭᠠᠭ᠎ᠠ ᠶᠢ ︽ᠲᠦᠷᠪᠡᠨ ᠨᠡᠩ︾ | ᠭᠡᠵᠦ ᠬᠤᠷᠢᠶᠠᠩᠭᠤᠶᠢᠯᠠᠵᠤ ᠪᠣᠯᠣᠨ᠎ᠠ᠄ | ᠨᠢᠭᠡ ᠳᠤ ᠪᠥᠬᠦ ᠲᠠᠯ᠎ᠠ ᠪᠠᠷ ᠬᠥᠭᠵᠢᠭᠦᠯᠬᠦ ᠣᠶᠢᠯᠠᠭᠠᠭᠳᠠᠬᠤᠨ ᠨᠠᠩ ᠢᠯᠡ ᠲᠣᠳᠣ ᠪᠣᠯᠪᠠ᠂ ᠬᠤᠶᠠᠷ ᠲᠤ ᠰᠤᠷᠭᠠᠭᠤᠯᠢ ᠶᠢᠨ ᠪᠠᠷᠢᠮᠵᠢᠶᠠᠵᠢᠭᠤᠯᠤᠭᠰᠠᠨ | ᠪᠠᠶᠢᠭᠤᠯᠤᠯᠲᠠ ᠶᠢᠨ ᠬᠢᠷᠢ ᠬᠡᠮᠵᠢᠶ᠎ᠡ ᠨᠠᠩ ᠥᠨᠳᠥᠷ ᠪᠣᠯᠪᠠ᠂ ᠭᠤᠷᠪᠠ ᠳᠤ ᠪᠠᠭᠰᠢ ᠶᠢᠨ ᠡᠩᠨᠡᠭᠡ ᠨᠠᠩ ᠬᠦᠴᠦᠷᠬᠡᠭ ᠪᠣᠯᠪᠠ᠂ ᠳᠥᠷᠪᠡ ᠳᠤ ᠠᠷᠠᠳ ᠣᠯᠠᠨ ᠨᠠᠩ | ᠬᠠᠨᠤᠮᠵᠢᠲᠠᠶ ᠪᠣᠯᠪᠠ᠃ | 2. ︽ᠭᠡᠷ ᠤᠨ ᠡᠭᠦᠳᠡᠨ ᠳᠠᠬᠢ︾ ᠰᠠᠶᠢᠨ ᠰᠤᠷᠭᠠᠭᠤᠯᠢ ᠶᠢ ᠬᠡᠷᠬᠢᠨ ᠰᠠᠶᠢᠲᠤᠷ ᠡᠷᠭᠢᠯᠡᠬᠦ ᠪᠣᠶ︖ | ᠰᠢᠨ᠎ᠡ ᠴᠢᠨᠠᠷ ᠰᠠᠶᠢᠲᠠᠢ ᠰᠤᠷᠭᠠᠭᠤᠯᠢ ᠶᠢᠨ ᠪᠤᠶᠢᠵᠢᠯᠲᠠ ᠶᠢ ᠠᠬᠢᠭᠤᠯᠵᠤ᠂ ᠣᠯᠠᠨ ᠲᠦᠮᠡᠨ ᠤ ︽ᠭᠡᠷ ᠤᠨ ᠡᠭᠦᠳᠡᠨ ᠳᠠᠬᠢ︾ ᠰᠤᠷᠭᠠᠭᠤᠯᠢ ᠶᠢ ᠰᠠᠶᠢᠲᠤᠷ | ᠡᠷᠭᠢᠯᠡᠨ᠎ᠡ᠃ ᠨᠠᠶᠢᠳᠠᠪᠤᠷᠢᠵᠢᠭᠤᠯᠤᠯᠲᠠ ᠶᠢ ᠠᠬᠢᠭᠤᠯᠬᠤ ᠲᠠᠯ᠎ᠠ ᠪᠠᠷ ᠶᠠᠮᠠᠷ ᠶᠠᠮᠠᠷ ᠱᠠᠭᠠᠷᠳᠠᠯᠭ᠎ᠠ ᠪᠠᠶᠢᠬᠤ ᠪᠤᠢ︖ ᠨᠢᠭᠡ ᠳᠤ ᠰᠢᠨ᠎ᠡ ᠴᠢᠨᠠᠷ ᠰᠠᠶᠢᠲᠠᠢ | ᠰᠤᠷᠭᠠᠭᠤᠯᠢ ᠶᠢᠨ ᠦᠰᠦᠨ ᠪᠣᠶᠢᠵᠢᠬᠤ ᠬᠥᠭᠵᠢᠯᠲᠡ ᠶᠢᠨ ᠲᠥᠯᠦᠪᠵᠢᠭᠦᠯᠭᠡ ᠶᠢ ᠲᠣᠭᠲᠠᠭᠠᠨ᠎ᠠ᠃ ᠡᠯ᠎ᠡ ᠭᠠᠵᠠᠷ ᠤᠨ ᠬᠢᠨ ᠣᠷᠣᠨ ᠪᠦᠰᠡ ᠶᠢᠨ ᠴᠢᠨᠠᠷ ᠰᠠᠶᠢᠲᠠᠢ | ᠲᠡᠩᠴᠡᠭᠦᠷᠢᠲᠡᠢ ᠬᠥᠭᠵᠢᠯᠲᠡ ᠶᠢᠨ ᠬᠠᠷᠠᠯᠲᠠ ᠶᠢ ᠦᠨᠳᠦᠰᠦᠯᠡᠨ᠂ 3 ︱ 5 ᠵᠢᠯ ᠶᠢᠨ ᠨᠢᠭᠡ ᠦᠶᠡᠯᠡᠯ ᠶᠣᠰᠣᠭᠠᠷ ᠰᠢᠨ᠎ᠡ ᠴᠢᠨᠠᠷ ᠰᠠᠶᠢᠲᠠᠢ ᠰᠤᠷᠭᠠᠭᠤᠯᠢ ᠶᠢᠨ | ᠦᠰᠦᠨ ᠪᠣᠶᠢᠵᠢᠵᠤ ᠬᠥᠭᠵᠢᠬᠦ ᠲᠥᠯᠦᠪᠵᠢᠭᠦᠯᠭᠡ ᠶᠢ ᠲᠣᠭᠲᠠᠭᠠᠬᠤ ᠶᠢᠨ ᠬᠠᠮᠲᠤ ᠬᠠᠷᠠᠭᠠᠯᠵᠠᠭᠰᠠᠨ ᠲᠥᠷᠥ ᠶᠢᠨ ᠪᠣᠳᠣᠯᠭ᠎ᠠ ᠳᠡᠮᠵᠢᠯᠡᠭᠡ ᠪᠠ ᠪᠠᠲᠤᠯᠠᠭ᠎ᠠ ᠶᠢᠨ ᠠᠷᠭ᠎ᠠ | ᠬᠡᠮᠵᠢᠶ᠎ᠡ ᠶᠢ ᠲᠥᠬᠦᠷᠵᠢᠭᠦᠯᠵᠦ᠂ ᠨᠥᠬᠦᠴᠡᠯ ᠢᠶᠠᠷ ᠨᠡᠯᠢᠶᠡᠳ ᠰᠢᠯᠢᠳᠡᠭ᠂ ᠶᠠᠰᠤ ᠴᠢᠨᠠᠷ ᠢᠶᠠᠷ ᠨᠡᠯᠢᠶᠡᠳ ᠥᠨᠳᠥᠷ᠂ ᠣᠯᠠᠨ ᠲᠦᠮᠡᠨ ᠤ ᠰᠠᠨᠠᠭᠠᠨ ᠳᠤ ᠨᠡᠶᠢᠴᠡᠭᠰᠡᠨ | ᠨᠢᠭᠡ ᠪᠦᠯᠦᠭ ︽ᠭᠡᠷ ᠤᠨ ᠡᠭᠦᠳᠡᠨ ᠳᠠᠬᠢ︾ ᠰᠢᠨ᠎ᠡ ᠴᠢᠨᠠᠷ ᠰᠠᠶᠢᠲᠠᠢ ᠰᠤᠷᠭᠠᠭᠤᠯᠢ ᠶᠢ ᠲᠦᠷᠭᠡᠳᠬᠡᠨ ᠰᠠᠶᠢᠲᠤᠷ ᠡᠷᠬᠢᠯᠡᠨ᠎ᠡ᠃ | ᠬᠤᠶᠠᠷ ᠲᠤ ᠰᠢᠨ᠎ᠡ ᠴᠢᠨᠠᠷ ᠰᠠᠶᠢᠲᠠᠢ ᠰᠤᠷᠭᠠᠭᠤᠯᠢ ᠶᠢᠨ ᠦᠰᠦᠨ ᠪᠣᠶᠢᠵᠢᠬᠤ ᠠᠷᠭ᠎ᠠ ᠵᠠᠮ ᠢ ᠲᠥᠷᠥᠯ ᠬᠤᠪᠢᠶᠠᠨ ᠰᠦᠪᠡᠭᠴᠢᠯᠡᠨ᠎ᠡ᠃ ᠰᠢᠨ᠎ᠡ ᠪᠠᠷ | ᠪᠠᠶᠢᠭᠤᠯᠤᠭᠰᠠᠨ ᠰᠤᠷᠭᠠᠭᠤᠯᠢ ᠳᠤ ᠠᠪᠴᠤ ᠬᠡᠯᠡᠪᠡᠯ᠂ ᠪᠡᠯᠡᠳᠬᠡᠨ ᠪᠠᠶᠢᠭᠤᠯᠬᠤ ᠬᠤᠭᠤᠴᠠᠭᠠᠨ ᠳᠤ ᠳᠠᠷᠤᠢ ᠰᠢᠯᠢᠳᠡᠭ ᠰᠤᠷᠭᠠᠨ ᠬᠥᠮᠦᠵᠢᠯ ᠤᠨ ᠡᠬᠢ ᠪᠠᠶᠠᠯᠢᠭ ᠢ | ᠣᠷᠣᠭᠤᠯᠤᠨ ᠠᠪᠴᠢᠷᠠᠵᠤ᠂ ᠰᠤᠷᠭᠠᠭᠤᠯᠢ ᠶᠢᠨ ᠵᠢᠷᠤᠭ ᠲᠥᠯᠥᠪᠯᠡᠭᠡ᠂ ᠪᠠᠭᠰᠢ ᠶᠢᠨ ᠡᠩᠨᠡᠭᠡ ᠶᠢ ᠵᠣᠬᠢᠶᠠᠨ ᠪᠠᠶᠢᠭᠤᠯᠬᠤ ᠵᠡᠷᠭᠡ ᠶᠠᠪᠤᠴᠠ ᠳᠤ ᠭᠦᠨᠵᠡᠭᠡᠢ | ᠣᠷᠣᠯᠴᠠᠵᠤ᠂ ᠥᠨᠳᠥᠷ ᠡᠬᠢᠯᠡᠯᠲᠡ ᠲᠠᠢ ᠪᠠᠷ ᠡᠷᠭᠢᠯᠡᠨ᠎ᠡ᠃ ᠣᠲᠣ ᠶᠢᠨ ᠪᠠᠶᠢᠭ᠎ᠠ ᠰᠠᠭᠤᠷᠢ ᠪᠠᠷ ᠨᠡᠯᠢᠶᠡᠳ ᠰᠠᠶᠢᠨ ᠰᠤᠷᠭᠠᠭᠤᠯᠢ ᠳᠤ᠂ ᠬᠡᠷᠡᠭᠴᠡᠭᠡ ᠪᠠᠨ | ᠦᠨᠳᠦᠰᠦᠯᠡᠨ ᠰᠤᠷᠭᠠᠭᠤᠯᠢ ᠡᠷᠭᠢᠯᠡᠬᠦ ᠨᠥᠬᠦᠴᠡᠯ ᠤᠨ ᠥᠭᠡᠷᠡᠴᠢᠯᠡᠯᠲᠡ ᠬᠢᠵᠦ᠂ ᠬᠠᠮᠲᠤ ᠶᠢᠨ ᠴᠣᠭᠴᠠ ᠶᠢᠨ ᠪᠠᠶᠢᠭᠤᠯᠤᠯᠲᠠ᠂ ᠪᠦᠯᠦᠭᠯᠡᠯᠵᠢᠭᠰᠡᠨ ᠰᠤᠷᠭᠠᠭᠤᠯᠢ | ᠡᠷᠭᠢᠯᠡᠬᠦ᠂ ᠰᠤᠷᠭᠠᠭᠤᠯᠢ ᠶᠢᠨ ᠲᠣᠭᠤᠷᠢᠭ ᠤᠨ ᠳᠦᠷᠢᠮᠲᠦ ᠬᠠᠮᠢᠶᠠᠷᠤᠯᠲᠠ ᠵᠡᠷᠭᠡ ᠬᠠᠪᠰᠤᠷᠤᠨ ᠲᠡᠳᠬᠦᠬᠦ ᠬᠡᠪᠴᠢᠶᠡᠨ ᠳᠤ ᠣᠷᠣᠭᠤᠯᠤᠨ᠂ ᠴᠢᠨᠠᠷ ᠰᠠᠶᠢᠲᠠᠢ | ᠳᠠᠶᠢᠴᠢᠯᠠᠬᠤ ᠦᠢᠯᠡᠳᠦᠯ ᠢ ᠴᠢᠩᠭᠠᠷᠠᠭᠤᠯᠵᠤ᠂ ᠴᠢᠨᠠᠷ ᠢ ᠳᠡᠭᠡᠭᠰᠢᠯᠡᠭᠦᠯᠦᠨ ᠲᠠᠰ ᠳᠡᠪᠰᠢᠭᠦᠯᠬᠦ ᠶᠢ ᠠᠬᠢᠭᠤᠯᠤᠨ᠎ᠠ᠃ | ᠰᠢᠯᠭᠠᠬᠤ ᠦᠭᠡᠢ ᠪᠠᠷ ᠭᠡᠷ ᠤᠨ ᠣᠶᠢᠷᠠᠯᠴᠠᠭ᠎ᠠ ᠰᠤᠷᠭᠠᠭᠤᠯᠢ ᠳᠤ ᠤᠷᠤᠬᠤ ᠪᠣᠯ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠦᠨᠳᠦᠰᠦᠨ | ᠰᠤᠷᠭᠠᠭᠤᠯᠢ ᠳᠤ ᠣᠷᠣᠭᠤᠯᠬᠤ ᠳᠦᠷᠢᠮ ᠪᠣᠯᠣᠨ᠎ᠠ᠃ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠢᠯᠭᠠᠯᠲᠠ ᠬᠢᠬᠦ ᠦᠭᠡᠢ ᠪᠠᠷ ᠭᠡᠷ ᠤᠨ ᠣᠶᠢᠷᠠᠯᠴᠠᠭ᠎ᠠ | ᠰᠤᠷᠭᠠᠭᠤᠯᠢ ᠳᠤ ᠤᠷᠤᠬᠤ ᠪᠠ ᠠᠯᠪᠠᠨ ᠠᠴᠠ ᠡᠷᠭᠢᠯᠡᠭᠰᠡᠨ ᠠᠷᠠᠳ ᠠᠴᠠ ᠡᠷᠭᠢᠯᠡᠭᠰᠡᠨ ᠰᠤᠷᠭᠠᠭᠤᠯᠢ ᠵᠡᠷᠭᠡ ᠪᠠᠷ ᠰᠣᠷᠣᠭᠴᠢ ᠡᠯᠰᠡᠬᠦ ᠲᠥᠷᠥ ᠶᠢᠨ ᠪᠤᠳᠤᠯᠭ᠎ᠠ ᠶᠢ | ᠬᠡᠷᠬᠢᠨ ᠡᠵᠡᠮᠰᠢᠬᠦ ᠪᠤᠢ︖ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠬᠠᠤᠯᠢ ᠶᠢᠨ ᠠᠷᠪᠠᠨ ᠬᠤᠶᠠᠳᠤᠭᠠᠷ ᠵᠦᠢᠯ ᠳᠤ᠄ ︽ᠰᠤᠷᠭᠠᠭᠤᠯᠢ ᠳᠤ ᠣᠷᠣᠬᠤ | ᠨᠠᠰᠤᠨ ᠤ ᠬᠡᠦᠬᠡᠳ᠂ ᠪᠠᠭᠠᠴᠤᠳ ᠢ ᠰᠢᠯᠭᠠᠬᠤ ᠦᠭᠡᠢ ᠪᠠᠷ ᠰᠤᠷᠭᠠᠭᠤᠯᠢ ᠳᠤ ᠣᠷᠣᠭᠤᠯᠤᠨ᠎ᠠ᠃ ᠣᠷᠣᠨ ᠨᠤᠲᠤᠭ ᠤᠨ ᠡᠯ᠎ᠡ ᠱᠠᠲᠤᠨ ᠤ ᠠᠷᠠᠳ ᠤᠨ ᠵᠠᠰᠠᠭ ᠤᠨ | ᠣᠷᠳᠣᠨ ᠰᠤᠷᠭᠠᠭᠤᠯᠢ ᠳᠤ ᠣᠷᠣᠬᠤ ᠨᠠᠰᠤᠨ ᠤ ᠬᠡᠦᠬᠡᠳ᠂ ᠪᠠᠭᠠᠴᠤᠳ ᠤᠨ ᠡᠷᠦᠭᠡ ᠠᠮᠠ ᠶᠢᠨ ᠲᠠᠩᠰᠠ ᠶᠢᠨ ᠪᠠᠶᠢᠭ᠎ᠠ ᠭᠠᠵᠠᠷ ᠤᠨ ᠰᠤᠷᠭᠠᠭᠤᠯᠢ ᠶᠢᠨ ᠣᠶᠢᠷ᠎ᠠ | ᠬᠠᠪᠢ ᠳᠤᠨᠢ ᠰᠤᠷᠭᠠᠭᠤᠯᠢ ᠳᠤ ᠣᠷᠣᠬᠤ ᠶᠢ ᠪᠠᠳᠤᠯᠠᠬᠤ ᠬᠡᠷᠡᠭᠳᠡᠢ︾ ᠬᠡᠵᠤ ᠳᠤᠭᠳᠠᠭᠠᠵᠠᠢ᠃ | ᠰᠢᠯᠭᠠᠯᠲᠠ ᠬᠢᠬᠦ ᠦᠭᠡᠢ ᠪᠠᠷ ᠰᠤᠷᠭᠠᠭᠤᠯᠢ ᠳᠤ ᠣᠷᠣᠬᠤ ᠳᠤ ᠶᠠᠮᠠᠷᠪᠠ ᠬᠡᠯᠪᠡᠷᠢ ᠶᠢᠨ ᠰᠢᠯᠭᠠᠯᠲᠠ ᠪᠤᠶᠤ ᠬᠡᠯᠪᠡᠷᠢ ᠶᠢ ᠨᠢ ᠥᠭᠡᠷᠡᠲᠦᠭᠦᠯᠦᠭᠰᠡᠨ | ᠰᠢᠯᠭᠠᠯᠲᠠ ᠪᠠᠷ ᠳᠡᠮᠵᠢᠨ ᠰᠣᠷᠣᠭᠴᠢ ᠰᠣᠩᠭᠤᠵᠤ ᠪᠣᠯᠬᠤ ᠦᠭᠡᠢ᠂ ᠡᠯ᠎ᠡ ᠲᠥᠷᠥᠯ ᠤᠨ ᠤᠷᠤᠯᠳᠤᠭᠠᠨ᠂ ᠰᠢᠯᠭᠠᠯᠲᠠ ᠶᠢᠨ ᠦᠨᠡᠮᠯᠡᠯ᠂ ᠢᠷᠠᠭᠤ ᠠᠯᠳᠠᠷ ᠤᠨ | ᠦᠨᠡᠮᠯᠡᠯ᠂ ᠪᠣᠯᠪᠠᠰᠤᠷᠠᠭᠤᠯᠤᠯ ᠤᠨ ᠭᠡᠷᠡᠴᠢ ᠵᠡᠷᠭᠡ ᠪᠠᠷ ᠰᠣᠷᠣᠭᠴᠢ ᠡᠯᠰᠡᠬᠦ ᠦᠨᠳᠦᠰᠦᠯᠡᠯ ᠪᠤᠶᠤ ᠯᠠᠪᠯᠠᠯᠲᠠ ᠪᠣᠯᠭᠠᠵᠤ ᠪᠣᠯᠬᠤ ᠦᠭᠡᠢ᠃ | ᠣᠶᠢᠷ᠎ᠠ ᠬᠠᠪᠢ ᠳᠠᠭᠠᠨ ᠰᠤᠷᠭᠠᠭᠤᠯᠢ ᠳᠤ ᠣᠷᠣᠬᠤ ᠨᠢ ︽ᠬᠠᠮᠤᠭ ᠤᠨ ᠦᠢᠷᠠᠯᠴᠠᠭ᠎ᠠ ᠰᠤᠷᠭᠠᠭᠤᠯᠢ ᠳᠤ ᠣᠷᠣᠬᠤ︾ ᠶᠠᠪᠤᠳᠠᠯ ᠪᠢᠰᠢ᠃ ᠰᠤᠷᠭᠠᠨ | ᠬᠥᠮᠦᠵᠢᠯ ᠤᠨ ᠡᠬᠢ ᠪᠠᠶᠠᠯᠢᠭ ᠬᠠᠷᠢᠴᠠᠩᠭᠤᠢ ᠪᠠᠷ ᠲᠡᠩᠴᠡᠭᠦᠷᠢᠲᠡᠢ ᠪᠠᠶᠢᠬᠤ ᠭᠠᠵᠠᠷ ᠣᠷᠣᠨ ᠳᠤ᠂ ᠡᠩ ᠤᠨ ᠪᠠᠶᠢᠳᠠᠯ ᠳᠤ ᠭᠠᠭᠴᠠ ᠰᠤᠷᠭᠠᠭᠤᠯᠢ ᠪᠠᠷ ᠬᠡᠰᠡᠭ | ᠬᠤᠪᠢᠶᠠᠬᠤ ᠶᠢ ᠬᠡᠷᠡᠭᠵᠢᠭᠦᠯᠵᠦ᠂ ᠰᠤᠷᠭᠠᠭᠤᠯᠢ ᠳᠤ ᠣᠷᠣᠬᠤ ᠵᠢᠱᠢᠯᠲᠡ ᠶᠢ ᠵᠦᠢ ᠵᠣᠬᠢᠰᠲᠠᠢ ᠪᠥᠭᠡᠳ ᠲᠣᠭᠲᠠᠪᠤᠷᠢᠲᠠᠢ ᠪᠠᠶᠢᠯᠭᠠᠨ᠎ᠠ︔ ᠰᠤᠷᠭᠠᠨ ᠬᠥᠮᠦᠵᠢᠯ ᠤᠨ | ᠡᠬᠢ ᠪᠠᠶᠠᠯᠢᠭ ᠤᠨ ᠲᠣᠬᠢᠷᠠᠭᠤᠯᠤᠯᠲᠠ ᠲᠡᠩᠴᠡᠭᠦᠷᠢ ᠦᠭᠡᠢ ᠭᠠᠵᠠᠷ ᠣᠷᠣᠨ ᠳᠤ ᠢᠯᠠᠩᠭᠤᠶ᠎ᠠ ᠰᠤᠷᠤᠯᠭ᠎ᠠ ᠶᠢᠨ ᠤᠷᠤᠨ ᠳᠤᠭ᠎ᠠ ᠶᠢᠨ ᠬᠠᠩᠭᠠᠯᠭ᠎ᠠ ᠬᠡᠷᠡᠭᠴᠡᠭᠡ ᠶᠢᠨ | ᠵᠥᠷᠢᠴᠡᠯ ᠲᠣᠪᠣᠶᠢᠮ᠎ᠠ ᠪᠠᠶᠢᠭ᠎ᠠ ᠬᠠᠯᠠᠮᠰᠢᠯ ᠭᠠᠵᠠᠷ ᠣᠷᠣᠨ ᠪᠠ ᠬᠠᠯᠠᠮᠰᠢᠯ ᠰᠤᠷᠭᠠᠭᠤᠯᠢ ᠳᠤ᠂ ᠣᠷᠣᠨ ᠨᠤᠲᠤᠭ ᠤᠨ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ | ᠰᠠᠯᠠᠭ᠎ᠠ ᠮᠥᠴᠢᠷ ᠠᠴᠠ ᠲᠤᠬᠠᠢ ᠶᠢᠨ ᠭᠠᠵᠠᠷ ᠤᠨ ᠪᠣᠳᠠᠲᠠᠢ ᠪᠠᠶᠢᠳᠠᠯ ᠢᠶᠠᠨ ᠦᠨᠳᠦᠰᠦᠯᠡᠨ᠂ ᠣᠯᠠᠨ ᠰᠤᠷᠭᠠᠭᠤᠯᠢ ᠶᠢ ᠬᠡᠰᠡᠭ ᠬᠤᠪᠢᠶᠠᠨ ᠲᠣᠬᠢᠶᠠᠯᠳᠤᠯ ᠢᠶᠠᠷ ᠨᠣᠮᠧᠷ | ᠰᠤᠭᠤᠯᠬᠤ ᠠᠷᠭ᠎ᠠ ᠶᠢ ᠬᠡᠷᠡᠭᠯᠡᠨ᠂ ᠬᠠᠷᠢᠴᠠᠩᠭᠤᠢ ᠪᠠᠷ ᠣᠶᠢᠷ᠎ᠠ ᠬᠠᠪᠢ ᠶᠢᠨ ᠮᠥᠷᠲᠡᠭᠡᠨ ᠰᠤᠷᠤᠯᠭ᠎ᠠ ᠶᠢᠨ ᠤᠷᠤᠨ ᠳᠤᠭ᠎ᠠ ᠢᠯᠡᠬᠦᠴᠡ ᠪᠠᠶᠢᠬᠤ ᠰᠤᠷᠭᠠᠭᠤᠯᠢ ᠪᠤᠶᠤ | ᠰᠤᠷᠭᠠᠭᠤᠯᠢ ᠶᠢᠨ ᠲᠣᠭᠤᠷᠢᠭ ᠲᠤ ᠡᠮᠬᠢ ᠵᠢᠷᠤᠮ ᠲᠠᠢ ᠪᠠᠷ ᠰᠠᠯᠭᠠᠨ ᠶᠠᠪᠤᠭᠤᠯᠵᠤ᠂ ᠪᠣᠶ ᠪᠦᠬᠦᠢ ᠰᠤᠷᠬᠤ ᠨᠠᠰᠤᠨ ᠤ ᠬᠡᠦᠬᠡᠳ ᠤᠨ ᠰᠤᠷᠭᠠᠭᠤᠯᠢ ᠳᠤ ᠣᠷᠣᠬᠤ ᠶᠢ | ᠦᠨᠡᠨ ᠬᠦ ᠪᠠᠲᠤᠯᠠᠬᠤ ᠶᠢᠨ ᠬᠠᠮᠲᠤ ᠰᠤᠷᠭᠠᠭᠤᠯᠢ ᠳᠤ ᠣᠷᠣᠬᠤ ᠲᠣᠬᠢᠶᠠᠯ ᠤᠨ ᠡᠷᠬᠡ ᠲᠡᠭᠰᠢ ᠪᠠᠶᠢᠬᠤ ᠶᠢ ᠪᠠᠳᠤᠯᠠᠨ᠎ᠠ᠃ | ᠠᠯᠪᠠᠨ ᠠᠴᠠ ᠡᠷᠭᠢᠯᠡᠭᠰᠡᠨ ᠠᠷᠠᠳ ᠠᠴᠠ ᠡᠷᠭᠢᠯᠡᠭᠰᠡᠨ ᠰᠤᠷᠭᠠᠭᠤᠯᠢ ᠶᠢᠨ ᠵᠡᠷᠭᠡᠪᠡᠷ ᠰᠣᠷᠣᠭᠴᠢ ᠡᠯᠰᠡᠬᠦ ᠲᠥᠷᠥ ᠶᠢᠨ ᠪᠣᠳᠣᠯᠭ᠎ᠠ ᠶᠢᠨ ᠭᠤᠣᠯᠳᠠᠯᠭ᠎ᠠ ᠨᠢ ᠠᠯᠪᠠᠨ | ᠠᠴᠠ ᠡᠷᠭᠢᠯᠡᠭᠰᠡᠨ ᠪᠠ ᠠᠷᠠᠳ ᠠᠴᠠ ᠡᠷᠭᠢᠯᠡᠭᠰᠡᠨ ᠰᠤᠷᠭᠠᠭᠤᠯᠢ ᠳᠤ ᠨᠢᠭᠡ ᠯᠡ ᠠᠳᠠᠯᠢ ᠪᠠᠷ ᠬᠠᠨᠳᠤᠬᠤ᠂ ᠬᠠᠷᠢᠯᠴᠠᠨ ᠣᠨᠴᠠ ᠡᠷᠬᠡ ᠥᠯᠥ ᠡᠳ᠋ᠯᠡᠬᠦ ᠰᠣᠷᠣᠭᠴᠢ | ᠡᠯᠰᠡᠬᠦ ᠪᠠ ᠰᠤᠷᠭᠠᠭᠤᠯᠢ ᠳᠤ ᠣᠷᠣᠬᠤ ᠲᠣᠭᠲᠠᠴᠠ ᠶᠢ ᠪᠠᠶᠢᠭᠤᠯᠬᠤ ᠳᠤ ᠪᠣᠶ᠃ | ᠠᠷᠠᠳ ᠠᠴᠠ ᠡᠷᠭᠢᠯᠡᠭᠰᠡᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠤᠷᠭᠠᠭᠤᠯᠢ ᠶᠢᠨ ᠰᠣᠷᠣᠭᠴᠢ ᠡᠯᠰᠡᠺᠤ ᠨᠡᠷ᠎ᠡ ᠮᠡᠳᠡᠭᠦᠯᠬᠦ ᠪᠠ ᠡᠯᠰᠡᠬᠦ ᠠᠵᠢᠯ ᠢ | ᠬᠤᠲᠠ ᠶᠢᠨ ᠳᠡᠰ ᠤᠨ ᠪᠤᠶᠤ ᠰᠢᠶᠠᠨ ᠤ ᠱᠠᠲᠤᠨ ᠤ ᠵᠠᠰᠠᠭ ᠤᠨ ᠣᠷᠳᠣᠨ ᠤ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠨᠢᠭᠡᠳᠦᠯᠲᠡᠢ | ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠰᠤᠷᠭᠠᠭᠤᠯᠢ ᠶᠢᠨ ᠬᠢᠨᠠᠨ ᠵᠥᠪᠰᠢᠶᠡᠷᠡᠬᠦ ᠪᠠᠶᠢᠭᠤᠯᠭ᠎ᠠ ᠶᠢᠨ ᠬᠠᠷᠢᠶ᠎ᠠ ᠣᠷᠣᠨ ᠳᠤ ᠰᠣᠷᠣᠭᠴᠢ ᠡᠯᠰᠡᠬᠦ ᠶᠢᠨ ᠬᠠᠮᠲᠤ ᠠᠯᠪᠠᠨ | ᠠᠴᠠ ᠡᠷᠭᠢᠯᠡᠭᠰᠡᠨ ᠰᠤᠷᠭᠠᠭᠤᠯᠢ ᠲᠠᠢ ᠵᠡᠷᠭᠡ ᠪᠠᠷ ᠰᠣᠷᠣᠭᠴᠢ ᠡᠯᠰᠡᠨ᠎ᠡ︔ ᠰᠤᠷᠭᠠᠭᠤᠯᠢ ᠶᠢᠨ ᠪᠠᠶᠢᠭ᠎ᠠ ᠰᠢᠶᠠᠨ ᠲᠣᠭᠤᠷᠢᠭ ᠤᠨ ᠰᠣᠷᠣᠭᠴᠢ ᠶᠢᠨ ᠰᠤᠷᠭᠠᠭᠤᠯᠢ ᠳᠤ | ᠣᠷᠣᠬᠤ ᠬᠡᠷᠡᠭᠴᠡᠭᠡ ᠱᠠᠭᠠᠷᠳᠠᠯᠭ᠎ᠠ ᠶᠢ ᠤᠷᠢᠳ ᠢᠶᠠᠷ ᠬᠠᠩᠭᠠᠵᠤ᠂ ᠪᠠᠶᠢᠭ᠎ᠠ ᠰᠢᠶᠠᠨ ᠲᠣᠭᠤᠷᠢᠭ ᠤᠨ ᠰᠣᠷᠣᠭᠴᠢ ᠡᠯᠰᠡᠵᠤ ᠲᠦᠬᠦᠷᠡᠭᠰᠡᠨ ᠦᠬᠡᠢ ᠮᠥᠷᠲᠡᠭᠡᠨ ᠬᠢᠨᠠᠨ | ᠵᠥᠪᠰᠢᠶᠡᠷᠡᠬᠦ ᠪᠠᠶᠢᠭᠤᠯᠭ᠎ᠠ ᠨᠢ ᠬᠤᠲᠠ ᠶᠢᠨ ᠲᠠᠰ ᠵᠢᠴᠢ ᠲᠡᠭᠦᠨ ᠠᠴᠠ ᠳᠡᠭᠡᠭᠰᠢᠬᠢ ᠵᠠᠰᠠᠭ ᠤᠨ ᠣᠷᠳᠣᠨ ᠤ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ | ᠮᠥᠴᠢᠷ ᠪᠠᠶᠢᠪᠠᠯ᠂ ᠬᠢᠨᠠᠨ ᠵᠥᠪᠰᠢᠶᠡᠷᠡᠬᠦ ᠪᠠᠶᠢᠭᠤᠯᠭ᠎ᠠ ᠶᠢᠨ ᠬᠠᠷᠢᠶ᠎ᠠ ᠣᠷᠣᠨ ᠤ ᠳᠣᠲᠣᠷ᠎ᠠ ᠪᠠᠨ ᠰᠢᠶᠠᠨ ᠲᠣᠭᠤᠷᠢᠭ ᠠᠯᠤᠰᠯᠠᠨ ᠵᠣᠬᠢᠬᠤ ᠬᠡᠮᠵᠢᠶ᠎ᠡ ᠪᠠᠷ ᠰᠣᠷᠣᠭᠴᠢ | ᠡᠯᠰᠡᠵᠦ ᠪᠣᠯᠣᠨ᠎ᠠ᠂ ᠲᠣᠭᠤᠷᠢᠭ ᠪᠠᠶᠢᠭᠤᠯᠤᠭᠰᠠᠨ ᠬᠤᠲᠠ ᠶᠢ ᠠᠯᠤᠰᠯᠠᠨ ᠰᠣᠷᠣᠭᠴᠢ ᠡᠯᠰᠡᠵᠦ ᠪᠣᠯᠬᠤ ᠦᠭᠡᠢ︔ ᠨᠡᠷ᠎ᠡ ᠮᠡᠳᠡᠭᠦᠯᠦᠭᠰᠡᠨ ᠬᠥᠮᠥᠨ ᠤ ᠲᠤᠭ᠎ᠠ ᠨᠢ | ᠰᠣᠷᠣᠭᠴᠢ ᠡᠯᠰᠡᠬᠦ ᠲᠥᠯᠥᠪᠯᠡᠭᠡ ᠠᠴᠠ ᠬᠡᠲᠦᠷᠡᠭᠰᠡᠨ ᠪᠠᠶᠢᠪᠠᠯ᠂ ᠺᠣᠮᠫᠢᠦ᠋ᠲ᠋ᠧᠷ ᠢᠶᠠᠷ ᠲᠣᠬᠢᠶᠠᠯᠳᠤᠯ ᠢᠶᠠᠷ ᠡᠯᠰᠡᠬᠦ ᠶᠢ ᠬᠡᠷᠡᠭᠵᠢᠭᠦᠯᠦᠨ᠎ᠡ᠃ | 3.ᠬᠤᠲᠠ ᠬᠥᠳᠡᠭᠡ ᠶᠢᠨ ᠰᠤᠷᠭᠠᠨ ᠬᠥᠮᠦᠵᠢᠯ ᠤᠨ ᠴᠢᠨᠠᠷ ᠰᠠᠶᠢᠲᠠᠢ ᠪᠥᠭᠡᠳ ᠲᠡᠩᠴᠡᠭᠦᠷᠢᠲᠡᠢ ᠪᠠᠶᠢᠬᠤ ᠶᠢ ᠬᠡᠷᠬᠢᠨ ᠰᠢᠢᠳᠪᠦᠷᠢᠯᠡᠬᠦ ᠪᠤᠶ︖ | ᠬᠤᠲᠠ ᠬᠥᠳᠡᠭᠡ ᠶᠢᠨ ᠰᠤᠷᠭᠠᠨ ᠬᠥᠮᠦᠵᠢᠯ ᠢ ᠨᠢᠭᠡ ᠴᠣᠭᠴᠠᠵᠢᠭᠤᠯᠬᠤ ᠬᠡᠳᠡᠭ ᠨᠢ ᠬᠥᠳᠡᠭᠡ ᠲᠣᠰᠬᠤᠨ ᠤ ᠰᠤᠷᠭᠠᠭᠤᠯᠢ ᠶᠢ ᠬᠤᠲᠠ ᠶᠢᠨ ᠰᠤᠷᠭᠠᠭᠤᠯᠢ | ᠲᠠᠢ ᠠᠳᠠᠯᠢᠬᠠᠨ ᠪᠠᠶᠢᠯᠭᠠᠬᠤ ᠶᠠᠪᠤᠳᠠᠯ ᠮᠥᠨ ᠦᠦ︖ ᠬᠤᠲᠠ ᠬᠥᠳᠡᠭᠡ ᠶᠢᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠨᠢᠭᠡ ᠴᠣᠭᠴᠠᠵᠢᠯᠲᠠ ᠶᠢ ᠲᠦᠯᠬᠢᠨ | ᠠᠬᠢᠭᠤᠯᠬᠤ ᠶᠢᠨ ᠭᠤᠣᠯ ᠬᠠᠷᠠᠯᠲᠠ ᠪᠣᠯ ᠤᠯᠤᠰ ᠤᠨ ᠬᠥᠮᠥᠨ ᠠᠮᠠ ᠶᠢᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠪᠠ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠳᠤ ᠦᠢᠯᠡᠴᠢᠯᠡᠬᠦ ᠪᠠᠶᠢᠯᠳᠤᠬᠤ ᠪᠣᠳᠣᠯᠭ᠎ᠠ᠂ ᠰᠢᠨ᠎ᠡ ᠮᠠᠶ᠋ᠢᠭ ᠤᠨ ᠬᠤᠲᠠ ᠪᠠᠯᠭᠠᠰᠤᠵᠢᠯᠲᠠ ᠶᠢᠨ ᠪᠠᠶᠢᠯᠳᠤᠬᠤ ᠪᠣᠳᠣᠯᠭ᠎ᠠ ᠳᠤ ᠵᠣᠬᠢᠴᠠᠭᠤᠯᠤᠨ᠂ | ᠬᠤᠲᠠ ᠬᠥᠳᠡᠭᠡ ᠶᠢᠨ ᠬᠤᠶᠠᠷ ᠡᠰᠢᠲᠦ ᠪᠦᠲᠦᠴᠡ ᠶᠢᠨ ᠪᠠᠬᠢᠯᠡᠯᠲᠡ ᠶᠢ ᠠᠯᠬᠤᠮ ᠠᠯᠬᠤᠮ ᠢᠶᠠᠷ ᠠᠷᠢᠯᠭᠠᠵᠤ᠂ ᠬᠤᠲᠠ ᠬᠥᠳᠡᠭᠡ ᠶᠢᠨ ᠦᠨᠳᠦᠰᠦᠨ ᠣᠯᠠᠨ | ᠨᠡᠶᠢᠲᠡ ᠶᠢᠨ ᠰᠤᠷᠭᠠᠨ ᠬᠥᠮᠦᠵᠢᠯ ᠤᠨ ᠦᠢᠯᠡᠴᠢᠯᠡᠭᠡ ᠶᠢ ᠠᠳᠠᠯᠢ ᠲᠡᠭᠰᠢ ᠪᠣᠯᠭᠠᠬᠤ ᠶᠢ ᠪᠡᠶᠡᠯᠡᠭᠦᠯᠦᠨ᠂ ᠰᠢᠶᠠᠨ ᠤ ᠬᠡᠪᠴᠢᠶᠡᠨ ᠳᠠᠬᠢ ᠬᠤᠲᠠ ᠬᠥᠳᠡᠭᠡ ᠶᠢᠨ | ᠰᠤᠷᠭᠠᠨ ᠬᠥᠮᠦᠵᠢᠯ ᠤᠨ ᠵᠥᠷᠢᠶ᠎ᠡ ᠶᠢ ᠲᠦᠷᠭᠡᠳᠬᠡᠨ ᠪᠠᠭᠠᠰᠬᠠᠵᠤ᠂ ᠬᠥᠳᠡᠭᠡ ᠲᠣᠰᠬᠤᠨ ᠤ ᠰᠤᠷᠭᠠᠨ ᠬᠦᠮᠦᠵᠢᠯ ᠤᠨ ᠴᠢᠨᠠᠷ ᠢ ᠮᠡᠳᠡᠭᠳᠡᠮ᠎ᠡ ᠳᠡᠬᠡᠭᠰᠢᠯᠡᠬᠦᠯᠦᠨ᠎ᠡ᠃ | ᠪᠣᠳᠠᠲᠠᠢ ᠱᠠᠭᠠᠷᠳᠠᠯᠭ᠎ᠠ ᠨᠢ ᠰᠢᠶᠠᠨ ᠤ ᠬᠡᠪᠴᠢᠶᠡᠨ ᠳᠠᠬᠢ ᠬᠤᠲᠠ ᠬᠥᠳᠡᠭᠡ ᠶᠢᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠤᠷᠭᠠᠭᠤᠯᠢ ᠶᠢᠨ | ᠰᠤᠷᠭᠠᠭᠤᠯᠢ ᠡᠷᠭᠢᠯᠡᠬᠦ ᠪᠠᠷᠢᠮᠵᠢᠶ᠎ᠠ ᠶᠢ ᠨᠢᠭᠡᠳᠦᠯᠲᠡᠢ ᠪᠣᠯᠭᠠᠬᠤ᠂ ᠬᠤᠳᠠ ᠬᠥᠳᠡᠭᠡ ᠶᠢᠨ ᠰᠤᠷᠭᠠᠭᠤᠯᠢ ᠶᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠪᠠᠷ | ᠲᠥᠯᠥᠪᠵᠢᠭᠦᠯᠦᠨ ᠪᠠᠶᠢᠷᠢᠰᠢᠭᠤᠯᠵᠤ᠂ ᠰᠤᠷᠭᠠᠭᠤᠯᠢ ᠶᠢᠨ ᠪᠠᠷᠢᠮᠵᠢᠶᠠᠵᠢᠭᠤᠯᠬᠤ ᠪᠦᠲᠦᠭᠡᠨ ᠪᠠᠶᠢᠭᠤᠯᠤᠯᠲᠠ ᠶᠢ ᠲᠦᠷᠭᠡᠪᠴᠢᠯᠡᠨ ᠠᠬᠢᠭᠤᠯᠵᠤ᠂ ᠵᠠᠷᠤᠳᠠᠯ᠂ | ᠲᠥᠬᠦᠭᠡᠷᠦᠮᠵᠢ᠂ ᠪᠠᠭᠰᠢ ᠵᠡᠷᠭᠡ ᠰᠤᠷᠭᠠᠭᠤᠯᠢ ᠡᠷᠬᠢᠯᠡᠬᠦ ᠡᠬᠢ ᠪᠠᠶᠠᠯᠢᠭ ᠢ ᠲᠡᠩᠴᠡᠭᠦᠷᠢᠲᠡᠢ ᠲᠣᠬᠢᠷᠠᠭᠤᠯᠵᠤ᠂ ᠴᠢᠨᠠᠷ ᠰᠠᠶᠢᠲᠠᠢ ᠰᠤᠷᠭᠠᠨ ᠬᠥᠮᠦᠵᠢᠯ ᠤᠨ ᠡᠬᠢ | ᠪᠠᠶᠠᠯᠢᠭ ᠢ ᠬᠠᠮᠲᠤ ᠪᠠᠷ ᠡᠳ᠋ᠯᠡᠬᠦ ᠶᠢ ᠲᠦᠯᠬᠢᠨ ᠠᠬᠢᠭᠤᠯᠵᠤ᠂ ᠬᠤᠳᠠ ᠪᠠᠷ ᠬᠥᠳᠡᠭᠡ ᠲᠣᠰᠬᠤᠨ ᠢ ᠳᠠᠶᠢᠴᠢᠯᠠᠨ᠂ ᠬᠤᠳᠠ ᠬᠥᠳᠡᠭᠡ ᠶᠢᠨ ᠠᠯᠪᠠᠨ ᠵᠢᠷᠤᠮ ᠤᠨ | ᠰᠤᠷᠭᠠᠨ ᠬᠥᠮᠦᠵᠢᠯ ᠤᠨ ᠬᠥᠭᠵᠢᠯᠲᠡ ᠶᠢ ᠪᠦᠬᠦᠯᠢ ᠴᠣᠭᠴᠠ ᠪᠠᠷ ᠨᠢ ᠲᠦᠯᠬᠢᠨ ᠠᠬᠢᠭᠤᠯᠵᠤ᠂ ᠬᠤᠳᠠ ᠪᠠᠯᠭᠠᠰᠤᠨ ᠤ ᠰᠢᠬᠠᠯᠴᠠᠬᠤ᠂ ᠬᠥᠳᠡᠭᠡ ᠲᠣᠰᠬᠤᠨ ᠤ | ᠪᠠᠭᠤᠷᠠᠢ ᠪᠠᠶᠢᠬᠤ ᠠᠰᠠᠭᠤᠳᠠᠯ ᠢ ᠦᠨᠡᠨ ᠬᠦ ᠰᠢᠢᠳᠪᠦᠷᠢᠯᠡᠨ᠎ᠡ᠃ | ᠠᠩᠬᠠᠷᠤᠭᠤᠰᠢᠲᠠᠢ ᠨᠢ᠂ ᠬᠤᠳᠠ ᠬᠥᠳᠡᠭᠡ ᠶᠢᠨ ᠰᠤᠷᠭᠠᠨ ᠬᠥᠮᠦᠵᠢᠯ ᠢ ᠨᠢᠭᠡ ᠴᠣᠭᠴᠠᠵᠢᠭᠤᠯᠬᠤ ᠶᠢ ᠠᠬᠢᠭᠤᠯᠬᠤ ᠨᠢ ᠳᠥᠭᠦᠮᠬᠡᠨ ᠬᠥᠳᠡᠭᠡ ᠲᠣᠰᠬᠤᠨ ᠤ | ᠰᠤᠷᠭᠠᠭᠤᠯᠢ ᠶᠢ ᠬᠤᠳᠠ ᠶᠢᠨ ᠰᠤᠷᠭᠠᠭᠤᠯᠢ ᠲᠠᠢ ᠨᠢᠭᠡᠳᠦᠯᠲᠡᠢ ᠪᠠᠶᠢᠯᠭᠠᠬᠤ᠂ ᠳᠣᠣᠷ᠎ᠠ ᠪᠠᠷᠢᠮᠵᠢᠶ᠎ᠠ ᠲᠠᠢ ᠰᠤᠷᠭᠠᠭᠤᠯᠢ ᠶᠢ ᠥᠨᠳᠥᠷ ᠪᠠᠷᠢᠮᠵᠢᠶ᠎ᠠ ᠲᠠᠢ ᠰᠤᠷᠭᠠᠭᠤᠯᠢ ᠲᠠᠢ | ᠣᠶᠢᠷᠠᠲᠤᠭᠤᠯᠬᠤ ᠠᠰᠠᠭᠤᠳᠠᠯ ᠪᠢᠰᠢ᠂ ᠳᠥᠭᠦᠮᠬᠡᠨ ᠢᠶᠠᠷ ᠨᠡᠮᠡᠬᠦ ᠠᠷᠭ᠎ᠠ ᠶᠢ ᠬᠡᠷᠡᠭᠯᠡᠬᠦ᠂ ᠡᠬᠢ ᠪᠠᠶᠠᠯᠢᠭ ᠢ ᠥᠷᠭᠡᠳᠬᠡᠬᠦ ᠶᠠᠪᠤᠴᠠ ᠪᠢᠰᠢ᠂ ᠬᠠᠷᠢᠨ ᠳᠤᠲᠠᠭᠤᠳᠠᠯ ᠢ | ᠨᠥᠬᠦᠪᠦᠷᠢᠯᠡᠬᠦ᠂ ᠪᠠᠷᠢᠮᠵᠢᠶ᠎ᠠ ᠳᠤ ᠬᠦᠷᠬᠡᠬᠦ᠂ ᠪᠦᠲᠦᠴᠡ ᠶᠢ ᠰᠢᠯᠢᠳᠡᠭᠵᠢᠭᠦᠯᠬᠦ᠂ ᠶᠠᠰᠤ ᠴᠢᠨᠠᠷ ᠢ ᠳᠡᠭᠡᠭᠰᠢᠯᠡᠭᠦᠯᠬᠦ ᠶᠠᠪᠤᠴᠠ ᠪᠣᠯᠣᠨ᠎ᠠ᠂ ᠡᠭᠦᠨ ᠳᠤ ᠪᠠᠰᠠ ᠠᠯᠢ | ᠤᠯᠠᠨ ᠠᠭᠤᠯᠤᠭᠳᠠᠬᠤᠨ ᠤ ᠬᠥᠭᠵᠢᠯᠲᠡ᠂ ᠬᠠᠮᠢᠶᠠᠷᠤᠯᠲᠠ ᠶᠢᠨ ᠥᠭᠡᠷᠡᠴᠢᠯᠡᠯᠲᠡ᠂ ᠪᠠᠶᠢᠭᠤᠯᠤᠮᠵᠢ ᠲᠣᠭᠲᠠᠴᠠ ᠶᠢᠨ ᠪᠠᠶᠢᠭᠤᠯᠤᠯᠲᠠ ᠲᠠᠢ ᠬᠤᠯᠪᠣᠭᠳᠠᠨ᠎ᠠ᠃ ᠡᠨᠡ ᠬᠦ | ᠶᠠᠪᠤᠴᠠ ᠳᠤ᠂ ᠬᠥᠳᠡᠭᠡ ᠲᠣᠰᠬᠤᠨ ᠤ ᠰᠤᠷᠭᠠᠨ ᠬᠥᠮᠦᠵᠢᠯ ᠤᠨ ᠡᠬᠢ ᠪᠠᠶᠠᠯᠢᠭ ᠤᠨ ᠥᠪᠡᠷᠮᠢᠴᠡ ᠳᠠᠪᠠᠭᠤᠯᠢᠭ ᠢ ᠪᠠᠳᠠᠷᠠᠭᠤᠯᠬᠤ ᠶᠢ ᠴᠢᠬᠤᠯᠠᠴᠢᠯᠠᠵᠤ᠂ ᠰᠤᠷᠭᠠᠭᠤᠯᠢ | ᠨᠢᠭᠡᠪᠦᠷᠢ ᠶᠢᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠥᠪᠡᠷᠮᠢᠴᠡ ᠣᠨᠴᠠᠯᠢᠭ ᠲᠠᠢ᠂ ᠬᠢᠷᠢ ᠲᠦᠪᠰᠢᠨ ᠲᠠᠢ ᠡᠷᠬᠢᠯᠡᠬᠦ ᠶᠢ ᠳᠡᠮᠵᠢᠨ᠎ᠡ᠃ | ︽ᠰᠠᠨᠠᠯ︾ ᠳᠤ᠂ ᠬᠤᠲᠠ ᠬᠥᠳᠡᠭᠡ ᠶᠢᠨ ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢ ᠪᠥᠬᠦ ᠲᠠᠯ᠎ᠠ ᠪᠠᠷ ᠲᠦᠯᠬᠢᠨ ᠠᠬᠢᠭᠤᠯᠤᠨ᠎ᠠ᠃ ᠡᠯ᠎ᠡ | ᠭᠠᠵᠠᠷ ᠤᠨ ᠬᠢᠨ ᠶᠠᠮᠠᠷ ᠶᠠᠮᠠᠷ ᠲᠠᠯ᠎ᠠ ᠪᠠᠷ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ ᠪᠣᠯᠬᠤ ᠪᠤᠢ︖ ᠨᠢᠭᠡ ᠳᠤ ᠠᠵᠢᠯ ᠲᠦᠷᠦᠯ ᠢᠶᠠᠷ ᠨᠢ ᠬᠠᠪᠰᠤᠷᠤᠨ ᠲᠡᠳᠬᠦᠬᠦ | ᠲᠥᠰᠥᠯ ᠢ ᠲᠣᠭᠲᠠᠭᠠᠨ᠎ᠠ᠃ ᠰᠢᠶᠠᠨ ᠤ ᠬᠡᠪᠴᠢᠶᠡᠨ ᠳᠠᠬᠢ ᠰᠤᠷᠭᠠᠭᠤᠯᠢ ᠬᠤᠣᠰᠯᠠᠨ ᠲᠡᠳᠬᠦᠬᠦ ᠪᠠᠷ ᠭᠤᠣᠯ ᠪᠣᠯᠭᠠᠵᠤ᠂ ᠪᠠᠰᠠ ᠬᠤᠳᠠ ᠶᠢᠨ ᠲᠣᠭᠤᠷᠢᠭ ᠤᠨ | ᠰᠢᠯᠢᠳᠡᠭ ᠰᠤᠷᠭᠠᠭᠤᠯᠢ ᠶᠢ ᠵᠣᠬᠢᠶᠠᠨ ᠪᠠᠶᠢᠭᠤᠯᠵᠤ ᠰᠤᠷᠭᠠᠨ ᠬᠥᠮᠦᠵᠢᠯ ᠤᠨ ᠰᠠᠭᠤᠷᠢ ᠪᠠᠭᠤᠷᠠᠢ᠂ ᠬᠥᠳᠡᠭᠡ ᠲᠣᠰᠬᠤᠨ ᠤ ᠰᠤᠷᠭᠠᠭᠤᠯᠢ ᠨᠡᠯᠢᠶᠡᠳ ᠤᠯᠠᠨ ᠰᠢᠶᠠᠨ ᠤ | ᠬᠠᠮᠲᠤ ᠪᠠᠷ ᠬᠤᠣᠰᠯᠠᠨ ᠲᠡᠳᠬᠦᠬᠦ ᠶᠢ ᠵᠣᠷᠢᠭᠵᠢᠭᠤᠯᠵᠤ᠂ ᠬᠥᠳᠡᠭᠡ ᠲᠣᠰᠬᠤᠨ ᠤ ᠰᠤᠷᠭᠠᠭᠤᠯᠢ ᠨᠢᠭᠡᠪᠦᠷᠢ ᠴᠥᠮ ᠬᠤᠳᠠ ᠪᠠᠯᠭᠠᠰᠤᠨ ᠤ ᠰᠤᠷᠭᠠᠭᠤᠯᠢ ᠲᠠᠢ ᠠᠵᠢᠯ | ᠲᠦᠷᠦᠯ ᠢᠶᠠᠷ ᠬᠠᠷᠢᠯᠴᠠᠨ ᠬᠠᠪᠰᠤᠷᠤᠨ ᠲᠡᠳᠬᠦᠬᠦ ᠶᠢ ᠦᠨᠡᠨ ᠬᠦ ᠪᠠᠲᠤᠯᠠᠨ᠎ᠠ᠃ | ᠬᠤᠶᠠᠷ ᠲᠤ ᠬᠠᠮᠢᠶᠠᠷᠤᠯᠲᠠ ᠶᠢᠨ ᠠᠵᠢᠯᠯᠠᠭᠠᠨ ᠤ ᠲᠣᠭᠲᠠᠴᠠ ᠶᠢ ᠲᠡᠭᠦᠯᠳᠡᠷᠵᠢᠭᠦᠯᠦᠨ᠎ᠡ᠃ ᠬᠥᠮᠥᠨ ᠬᠥᠮᠥᠵᠢᠭᠦᠯᠬᠦ ᠶᠠᠰᠤ ᠴᠢᠨᠠᠷ ᠤᠨ ᠲᠦᠪᠰᠢᠨ ᠢ | ᠳᠡᠭᠡᠭᠰᠢᠯᠡᠭᠦᠯᠬᠦ ᠶᠢᠨ ᠲᠣᠭᠤᠷᠢᠨ ᠳᠤ᠂ ᠬᠠᠮᠲᠤ ᠶᠢᠨ ᠴᠣᠭᠴᠠ ᠶᠢᠨ ᠳᠣᠲᠣᠭᠠᠳᠤ ᠶᠢᠨ ᠵᠠᠰᠠᠯᠲᠠ ᠶᠢᠨ ᠰᠢᠰᠲ᠋ᠧᠮ ᠢ ᠲᠡᠭᠦᠯᠳᠡᠷᠵᠢᠭᠦᠯᠵᠦ᠂ ᠰᠤᠷᠭᠠᠭᠤᠯᠢ ᠶᠢᠨ | ᠬᠤᠭᠤᠷᠣᠨᠳᠣᠬᠢ ᠬᠠᠮᠵᠢᠯᠴᠠᠭᠠᠨ ᠤ ᠵᠠᠭᠪᠤᠷ ᠢ ᠳᠤᠳᠤᠷᠬᠠᠶᠢᠯᠠᠨ᠎ᠠ᠃ | ᠭᠤᠷᠪᠠ ᠳᠤ ᠨᠢᠭᠲᠠ ᠠᠭᠤᠰᠤᠯᠴᠠᠨ ᠬᠥᠭᠵᠢᠬᠦ ᠶᠢ ᠠᠬᠢᠭᠤᠯᠤᠨ᠎ᠠ᠃ ᠰᠤᠷᠭᠠᠨ ᠬᠥᠮᠦᠵᠢᠯ ᠤᠨ ᠡᠬᠢ ᠪᠠᠶᠠᠯᠢᠭ ᠢ ᠬᠠᠮᠲᠤᠪᠠᠷ ᠡᠳ᠋ᠯᠡᠬᠦ᠂ ᠵᠢᠭᠠᠨ ᠰᠤᠷᠭᠠᠬᠤ | ᠰᠤᠳᠤᠯᠬᠤ ᠬᠠᠮᠵᠢᠯᠴᠠᠬᠤ᠂ ᠪᠠᠭᠰᠢ ᠰᠤᠯᠢᠯᠴᠠᠨ ᠠᠵᠢᠯ ᠤᠨ ᠪᠠᠶᠢᠷᠢ ᠡᠭᠡᠯᠵᠢᠯᠡᠭᠦᠯᠬᠦ᠂ ᠰᠣᠶᠣᠯ ᠤᠨ ᠡᠶ᠎ᠡ ᠵᠣᠬᠢᠴᠠᠯ ᠲᠠᠢ ᠪᠠᠷ ᠬᠠᠮᠲᠤ ᠣᠷᠣᠰᠢᠬᠤ᠂ ᠨᠢᠭᠡ | ᠴᠣᠭᠴᠠᠵᠢᠭᠤᠯᠤᠨ ᠬᠢᠨᠠᠨ ᠰᠢᠯᠭᠠᠵᠤ ᠦᠨᠡᠯᠡᠬᠦ ᠵᠡᠷᠭᠡ ᠲᠠᠯ᠎ᠠ ᠪᠠᠷ ᠲᠣᠭᠲᠠᠴᠠ ᠶᠢ ᠪᠦᠷᠢᠨᠰᠢᠭᠦᠯᠵᠦ᠂ ᠰᠤᠷᠭᠠᠭᠤᠯᠢ ᠡᠷᠬᠢᠯᠡᠬᠦ ᠵᠥᠷᠢᠶ᠎ᠡ ᠶᠢ ᠪᠠᠭᠠᠰᠬᠠᠬᠤ ᠪᠠ ᠪᠦᠬᠦᠯᠢ | ᠴᠣᠭᠴᠠ ᠶᠢᠨ ᠲᠦᠪᠰᠢᠨ ᠢ ᠬᠠᠮᠲᠤᠪᠠᠷ ᠳᠡᠭᠡᠭᠰᠢᠯᠡᠭᠦᠯᠬᠦ ᠶᠢ ᠠᠬᠢᠭᠤᠯᠤᠨ᠎ᠠ᠃ | ᠳᠥᠷᠪᠡ ᠳᠤ ᠬᠠᠪᠰᠤᠷᠤᠨ ᠲᠡᠳᠬᠦᠵᠦ ᠤᠷᠮᠠᠰᠢᠭᠤᠯᠬᠤ ᠲᠣᠭᠲᠠᠴᠠ ᠶᠢ ᠪᠦᠷᠢᠨᠰᠢᠭᠦᠯᠦᠨ᠎ᠡ᠃ ᠠᠵᠢᠯ ᠤᠨ ᠪᠠᠶᠢᠷᠢ ᠡᠬᠡᠯᠵᠢᠯᠡᠨ ᠬᠥᠳᠡᠭᠡ ᠲᠣᠰᠬᠤᠨ ᠤ | ᠰᠤᠷᠭᠠᠭᠤᠯᠢ ᠳᠤ ᠤᠴᠢᠪᠠᠯ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠳᠤ ᠠᠰᠢᠭᠳᠠᠢ᠂ ᠲᠣᠭᠲᠠᠭᠠᠯ ᠶᠣᠰᠣᠭᠠᠷ ᠨᠥᠬᠦᠪᠦᠷᠢ ᠬᠦᠷᠳᠡᠬᠡᠬᠦ ᠵᠡᠷᠭᠡ | ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠨᠥᠬᠦᠴᠡᠯ ᠲᠠᠢ ᠭᠠᠵᠠᠷ ᠣᠷᠣᠨ ᠤ ᠱᠠᠩᠨᠠᠯ ᠨᠥᠬᠦᠪᠦᠷᠢ ᠶᠢᠨ ᠪᠡᠯᠡ ᠮᠥᠩᠭᠦ ᠪᠠᠶᠢᠭᠤᠯᠬᠤ ᠶᠢ ᠵᠣᠷᠢᠭᠵᠢᠭᠤᠯᠤᠨ᠂ | ᠬᠠᠮᠲᠤ ᠶᠢᠨ ᠴᠣᠭᠴᠠ ᠶᠢᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠶᠢ ᠬᠥᠲᠥᠯᠥᠨ ᠵᠢᠯᠣᠭᠤᠳᠤᠨ᠎ᠠ᠃ | | | | |