ᠯᠢ ᠰᠢᠶᠠᠨ ᠨᠢᠶᠠᠨ ᠤ ᠪᠠᠷᠢᠮᠳᠠᠯᠠᠳᠠᠭ ︽ᠮᠤᠷᠠᠯ ᠴᠢᠳᠠᠪᠤᠷᠢ ᠶᠢ ᠵᠡᠷᠬᠡ ᠪᠠᠷ ᠴᠢᠬᠤᠯᠠᠴᠢᠯᠠᠬᠤ︾ ᠵᠠᠷᠴᠢᠮ
ᠨᠡᠶᠢᠲᠡᠯᠡᠭᠰᠡᠨ ᠴᠠᠭ᠄
2025/5/10
    1952 ᠤᠨ ᠤ 6 ᠰᠠᠷ᠎ᠠ ᠳᠤ ᠬᠤᠪᠸᠢ ᠮᠣᠵᠢ ᠶᠢᠨ ᠨᠠᠮ ᠤᠨ ᠬᠤᠷᠢᠶᠠᠨ ᠤ ᠲᠦᠷᠪᠡᠳᠦᠬᠡᠷ ᠤᠳᠠᠭᠠᠨ ᠤ ᠵᠤᠬᠢᠶᠠᠨ ᠪᠠᠶᠢᠭᠤᠯᠬᠤ ᠠᠵᠢᠯ ᠤᠨ ᠬᠤᠷᠠᠯ ᠲᠡᠬᠡᠷ᠎ᠡ ᠯᠢ ᠰᠢᠶᠠᠨ ᠨᠢᠶᠠᠨ᠄ ︽ᠪᠢᠳᠠ ᠬᠤᠶᠢᠰᠢᠳᠠ ᠺᠠᠳ᠋ᠷ ᠢ ᠦᠵᠡᠬᠦ ᠳᠡᠭᠡᠨ ︿ᠮᠤᠷᠠᠯ ᠴᠢᠳᠠᠪᠤᠷᠢ ᠶᠢ ᠵᠡᠷᠬᠡ ᠪᠠᠷ ᠴᠢᠬᠤᠯᠠᠴᠢᠯᠠᠬᠤ﹀ ᠵᠠᠷᠴᠢᠮ ᠢ ᠦᠨᠳᠦᠰᠦᠯᠡᠨ ᠡᠷᠬᠡᠪᠰᠢ᠄ ᠨᠢᠬᠡ ᠳᠤ᠂ ᠲᠡᠤᠬᠡ ᠪᠠᠷ ᠴᠢᠬᠤᠯᠠ ᠯᠠᠪᠯᠠᠯᠳᠠ ᠪᠤᠯᠭᠠᠵᠤ᠂ ᠭᠤᠤᠯᠳᠠᠭᠤ ᠤᠳᠤᠬᠢ ᠶᠢ ᠦᠵᠡᠬᠦ ᠬᠡᠷᠡᠭᠳᠠᠢ᠃ ᠬᠤᠶᠠᠷ ᠲᠤ᠂ ᠵᠦᠪᠬᠡᠨ ᠲᠤᠬᠠᠶᠢᠯᠠᠭᠰᠡᠨ ᠠᠵᠢᠯ ᠢ ᠨᠢ ᠦᠵᠡᠬᠦ ᠪᠢᠰᠢ᠂ ᠬᠡᠨ ᠳᠤ ᠤᠶᠢᠯᠡᠴᠢᠯᠡᠬᠦ ᠶᠢ ᠨᠢ ᠦᠵᠡᠬᠦ ᠬᠡᠷᠡᠭᠳᠠᠢ᠃ ᠭᠤᠷᠪᠠ ᠳᠤ᠂ ᠵᠠᠷᠯᠢᠭ ᠵᠠᠬᠢᠶ᠎ᠠ ᠶᠢ ᠲᠠᠭᠠᠬᠤ ᠶᠢ ᠯᠠ ᠦᠵᠡᠬᠦ ᠪᠢᠰᠢ᠂ ᠬᠠᠷᠢᠨ ᠡᠬᠦᠷᠬᠡᠯᠡᠵᠤ ᠴᠢᠳᠠᠬᠤ ᠡᠰᠡᠬᠦ ᠶᠢ ᠨᠢ ᠦᠵᠡᠬᠦ ᠬᠡᠷᠡᠭᠳᠠᠢ︾ ᠬᠡᠪᠡ᠃ ᠡᠨᠡ ᠨᠢ ᠺᠠᠳ᠋ᠷ ᠢ ᠬᠦᠮᠦᠵᠢᠬᠦᠯᠬᠦ ᠪᠠ ᠱᠠᠭᠠᠷᠳᠠᠬᠤ ᠵᠠᠷᠴᠢᠮ ᠪᠤᠯᠬᠤ ᠪᠠᠷ ᠪᠠᠷᠠᠬᠤ ᠦᠬᠡᠢ᠂ ᠨᠡᠩ ᠴᠦ ᠲᠡᠬᠦᠨ  ᠤ ᠪᠤᠳᠠᠳᠠᠢ ᠠᠵᠢᠯ ᠤᠨ ᠲᠤᠮᠳᠠ ᠪᠠᠨ ᠢᠮᠠᠭᠳᠠ ᠤᠶᠢᠯᠡᠳᠦᠯᠬᠡᠵᠢᠬᠦᠯᠦᠭᠰᠡᠨ ᠠᠮᠠᠯᠠᠯᠳᠠ ᠪᠤᠯᠤᠨ᠎ᠠ᠃     ︽︿ᠮᠤᠷᠠᠯ﹀ ᠬᠡᠳᠡᠭ ᠨᠢ ᠶᠠᠭᠤ ᠪᠤᠢ︖ ᠲᠡᠬᠡᠳᠤ ᠬᠡᠮᠵᠢᠶᠠᠨ ᠤ ᠦᠪᠡᠷ ᠤᠨ ᠤᠬᠠᠮᠰᠡᠷ ᠠᠴᠠ ᠪᠠᠨ ᠠᠷᠠᠳ ᠲᠦᠮᠡᠨ ᠳᠤ ᠤᠶᠢᠯᠡᠴᠢᠯᠡᠬᠦ ᠪᠤᠯᠤᠨ᠎ᠠ︾᠃ ᠯᠢ ᠰᠢᠶᠠᠨ ᠨᠢᠶᠠᠨ ᠠᠷᠠᠳ ᠲᠦᠮᠡᠨ ᠤ ᠵᠤᠪᠠᠭᠤᠷᠢ ᠵᠦᠳᠡᠬᠦᠷᠢ ᠶᠢ ᠢᠮᠠᠭᠳᠠ ᠴᠢᠬᠤᠯᠠᠴᠢᠯᠠᠵᠤ᠂ ᠤᠯᠠᠨ ᠲᠦᠮᠡᠨ ᠤ ᠲᠤᠮᠳᠠ ᠬᠦᠨᠵᠡᠬᠡᠶᠢᠷᠡᠵᠤ᠂ ᠠᠷᠠᠳ ᠤᠨ ᠪᠠᠶᠢᠳᠠᠯ ᠢ ᠤᠶᠢᠯᠠᠭᠠᠵᠤ᠂ ᠠᠷᠠᠳ ᠲᠦᠮᠡᠨ ᠤ ᠬᠦᠴᠢᠷ ᠵᠤᠪᠠᠭᠤᠷᠢ ᠶᠢ ᠰᠢᠢᠳᠪᠤᠷᠢᠯᠡᠵᠤ ᠦᠭᠬᠦ ᠶᠢ ᠵᠤᠷᠢᠭᠰᠠᠭᠠᠷ ᠢᠷᠡᠵᠡᠢ᠃ 1952 ᠤᠨ ᠳᠤ᠂ ᠯᠢ ᠰᠢᠶᠠ ᠨᠢᠶᠠᠨ ᠬᠤᠪᠸᠢ  ᠶᠢᠨ ᠮᠢᠶᠠᠨ ᠶᠠᠩ ᠰᠢᠶᠠᠨ ᠤ 17 ᠨᠠᠰᠤᠳᠠᠢ ᠬᠦᠳᠡᠭᠡ ᠶᠢᠨ ᠪᠦᠰᠡᠬᠦᠢ ᠮᠢᠨ ᠴᠢᠦᠸᠠᠨ ᠬᠦᠢ ᠶᠢᠨ ᠵᠠᠬᠢᠳᠠᠯ ᠢ ᠲᠤᠰᠪᠠ᠂ ᠲᠡᠷᠡ ᠵᠠᠬᠢᠳᠠᠯ ᠳᠠᠭᠠᠨ ᠮᠢᠶᠠᠨ ᠶᠠᠩ᠂ ᠬᠤᠩ ᠬᠤ᠋ ᠬᠤᠶᠠᠷ ᠰᠢᠶᠠᠨ ᠤ ᠰᠢᠬᠦᠬᠦ ᠬᠤᠷᠢᠶ᠎ᠠ ᠲᠡᠬᠦᠨ ᠤ ᠤᠷᠤᠭ ᠰᠠᠯᠬᠤ ᠬᠡᠷᠡᠭ ᠢ ᠬᠠᠷᠢᠯᠴᠠᠨ ᠲᠦᠯᠬᠢᠯᠴᠡᠪᠡ ᠬᠡᠵᠡᠢ᠃ ᠯᠢ ᠰᠢᠶᠠᠨ ᠨᠢᠶᠠᠨ ᠵᠠᠬᠢᠳᠠᠯ ᠢ ᠤᠯᠤᠭᠰᠠᠨ ᠤ ᠲᠠᠷᠠᠭ᠎ᠠ ᠦᠪᠡᠷ ᠢᠶᠠᠨ ᠴᠤᠬᠤᠯᠠᠪᠤᠷᠢ ᠬᠢᠵᠤ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠢ ᠨᠠᠷᠢᠨ ᠬᠢᠨᠠᠮᠠᠭᠠᠢ ᠰᠢᠢᠳᠪᠤᠷᠢᠯᠡᠬᠦ ᠬᠡᠷᠡᠭᠳᠠᠢ ᠬᠡᠵᠤ ᠵᠠᠷᠯᠢᠭᠳᠠᠭᠰᠡᠨ ᠪᠦᠬᠡᠳ ᠤᠴᠢᠷ ᠶᠠᠪᠤᠳᠠᠯ ᠤᠨ ᠠᠬᠢᠴᠠ ᠶᠢ ᠨᠢᠬᠳᠠ ᠠᠩᠬᠠᠷᠤᠭᠰᠡᠨ ᠪᠠᠶᠢᠨ᠎ᠠ᠃ ᠡᠴᠤᠰ ᠲᠡᠭᠡᠨ ᠮᠢᠨ ᠴᠢᠦᠸᠠᠨ ᠬᠦᠢ ᠶᠢᠨ ᠤᠷᠤᠭ ᠰᠠᠯᠬᠤ ᠬᠡᠷᠡᠭ ᠲᠤᠬᠢᠳᠠᠢ ᠰᠢᠢᠳᠪᠤᠷᠢᠯᠡᠭᠳᠠᠵᠡᠢ᠂ ᠲᠡᠷᠡ ᠤᠷᠤᠭ ᠤᠨ ᠡᠷᠬᠡ ᠴᠢᠯᠦᠬᠡ ᠶᠢ ᠤᠯᠤᠭᠰᠡᠨ ᠤ ᠲᠠᠷᠠᠭ᠎ᠠ ᠲᠤᠰᠬᠠᠶᠢᠯᠠᠨ ᠯᠢ ᠰᠢᠶᠠᠨ ᠨᠢᠶᠠᠨ ᠪᠤᠯᠤᠨ ᠠᠷᠠᠳ ᠤᠨ ᠵᠠᠰᠠᠭ  ᠤᠨ ᠤᠷᠳᠤᠨ ᠳᠤ ᠵᠠᠬᠢᠳᠠᠯ ᠪᠢᠴᠢᠵᠤ ᠲᠠᠯᠠᠷᠬᠠᠭᠰᠡᠨ ᠪᠦᠬᠡᠳ 32 ᠵᠢᠯ ᠤᠨ ᠲᠠᠷᠠᠭ᠎ᠠ ︽ᠬᠤᠪᠸᠢ ᠶᠢᠨ ᠡᠳᠦᠷ ᠤᠨ ᠰᠤᠨᠢᠨ︾ ᠳᠤ ᠵᠠᠬᠢᠳᠠᠯ ᠪᠢᠴᠢᠵᠤ ᠲᠠᠬᠢᠨᠳᠠ ᠲᠠᠯᠠᠷᠬᠠᠵᠤ ᠪᠠᠶᠢᠬᠤ ᠪᠠᠨ ᠢᠯᠡᠳᠬᠡᠵᠡᠢ᠃ ︽ᠬᠤᠪᠸᠢ ᠶᠢᠨ ᠡᠳᠦᠷ ᠤᠨ ᠰᠤᠨᠢᠨ︾ ᠤ ︽ᠤᠯᠠᠨ ᠲᠦᠮᠡᠨ ᠤ ᠬᠦᠷᠢᠶᠡᠯᠡᠩ︾ ᠪᠤᠯᠤᠩ ᠴᠦ ᠯᠢ ᠰᠢᠶᠠᠨ ᠨᠢᠶᠠᠨ ᠤ ᠡᠳᠦᠷ ᠪᠦᠷᠢ ᠶᠢᠨ ᠵᠠᠪᠠᠯ ᠦᠵᠡᠬᠦ ᠠᠭᠤᠯᠭ᠎ᠠ ᠮᠦᠨ᠂ ᠲᠡᠷᠡ ᠤᠯᠠᠨ ᠲᠦᠮᠡᠨ ᠤ ᠰᠤᠨᠢᠨ ᠲᠡᠬᠡᠷ᠎ᠡ ᠲᠤᠰᠬᠠᠭᠰᠡᠨ ᠠᠰᠠᠭᠤᠳᠠᠯ ᠪᠠ ᠰᠠᠨᠠᠯ ᠢ ᠴᠠᠭ ᠲᠤᠬᠠᠢ ᠳᠤᠨᠢ ᠰᠢᠢᠳᠪᠤᠷᠢᠯᠡᠵᠤ᠂ ᠪᠠᠰᠠ ᠡᠯ᠎ᠡ ᠱᠠᠳᠤᠨ ᠤ ᠺᠠᠳ᠋ᠷᠴᠤᠳ ᠢ ︽ᠰᠤᠨᠢᠨ ᠦᠵᠡᠬᠦ ᠶᠢ ᠠᠩᠬᠠᠷᠬᠤ ᠶᠢᠨ ᠬᠠᠮᠳᠤ ᠤᠩᠰᠢᠭᠴᠢᠳ ᠤᠨ ᠢᠯᠡᠷᠡᠬᠦᠯᠦᠭᠰᠡᠨ ᠵᠠᠬᠢᠳᠠᠯ ᠢ ᠴᠦ ᠠᠩᠬᠠᠷᠬᠤ ᠬᠡᠷᠡᠭᠳᠠᠢ︾ ᠬᠡᠵᠤ ᠱᠠᠭᠠᠷᠳᠠᠵᠠᠢ᠃      ︽︿ᠴᠢᠳᠠᠪᠤᠷᠢ﹀ ᠬᠡᠳᠡᠭ ᠨᠢ ᠶᠠᠭᠤ ᠪᠤᠢ︖ ᠠᠰᠠᠭᠤᠳᠠᠯ ᠢ ᠢᠯᠡᠷᠡᠬᠦᠯᠵᠤ᠂ ᠠᠰᠠᠭᠤᠳᠠᠯ ᠢ ᠲᠤᠷᠠᠳᠴᠦ᠂ ᠠᠰᠠᠭᠤᠳᠠᠯ ᠢ ᠰᠢᠢᠳᠪᠤᠷᠢᠯᠡᠬᠦ ᠪᠦᠬᠡᠳ ᠦᠨᠡᠨ  ᠠᠴᠠ ᠵᠦᠪ ᠢ ᠡᠷᠢᠬᠦ ᠤᠴᠢᠷ ᠪᠤᠯᠤᠨ᠎ᠠ᠃ ᠡᠨᠡ ᠬᠦ ᠶᠠᠪᠤᠴᠠ ᠳᠤ ᠬᠦᠴᠢᠷᠳᠠᠯ ᠲᠤᠯᠭᠠᠷᠠᠪᠠᠯ ᠲᠠᠷᠤᠤ ᠬᠢᠴᠢᠶᠠᠩᠬᠦᠢ ᠪᠠᠷ ᠰᠤᠷᠤᠯᠴᠠᠵᠤ᠂ ᠡᠷᠳᠡᠮ ᠴᠢᠳᠠᠪᠤᠷᠢ ᠪᠠᠨ ᠨᠡᠮᠡᠭᠳᠡᠬᠦᠯᠦᠨ᠂ ᠠᠵᠢᠯ ᠢᠶᠠᠨ ᠰᠠᠶᠢᠨ ᠬᠢᠵᠤ ᠲᠡᠶᠢᠯᠬᠦ ᠬᠡᠷᠡᠭᠳᠠᠢ︾᠃ 1954 ᠤᠨ ᠤ 9 ᠰᠠᠷ᠎ᠠ ᠳᠤ᠂ ᠯᠢ ᠰᠢᠶᠠᠨ ᠨᠢᠶᠠᠨ ᠲᠦᠷᠦ ᠶᠢᠨ ᠶᠠᠪᠤᠳᠠᠯ ᠤᠨ ᠬᠤᠷᠢᠶᠠᠨ  ᠤ ᠲᠡᠳ᠋ ᠶᠡᠷᠦᠩᠬᠡᠢ ᠰᠠᠶᠢᠳ ᠪᠦᠬᠡᠳ ᠡᠳ᠋ ᠤᠨ ᠵᠠᠰᠠᠭ ᠤᠨ ᠶᠠᠮᠤᠨ ᠤ ᠰᠠᠶᠢᠳ ᠢᠶᠠᠷ ᠲᠤᠮᠢᠯᠠᠭᠳᠠᠪᠠ᠂ ᠡᠨᠡ ᠬᠦ ᠵᠠᠩᠵᠤᠨ ᠡᠳ᠋ ᠤᠨ ᠶᠠᠪᠤᠳᠠᠯ ᠢ ᠬᠠᠮᠢᠶᠠᠷᠬᠤ ᠬᠦᠨᠳᠤ ᠡᠬᠦᠷᠬᠡ ᠶᠢ ᠡᠬᠦᠷᠬᠡᠯᠡᠬᠦ ᠪᠤᠯᠤᠭᠰᠡᠨ ᠳᠠᠭᠠᠨ ᠶᠡᠭᠡ ᠲᠠᠷᠤᠭᠠᠰᠤ ᠲᠠᠢ ᠰᠠᠨᠠᠭᠳᠠᠪᠠ᠃ ᠬᠡᠳᠦᠶᠢᠪᠡᠷ ᠲᠦᠷᠦᠬᠦᠦ ᠬᠡᠳᠤᠨ ᠵᠢᠯ ᠤᠷᠤᠨ ᠨᠤᠳᠤᠭ ᠲᠤ ᠠᠵᠢᠯᠯᠠᠵᠤ᠂ ᠠᠵᠤ ᠠᠬᠤᠢ ᠶᠢ ᠤᠳᠤᠷᠢᠳᠬᠤ ᠲᠤᠷᠰᠢᠯᠭ᠎ᠠ ᠶᠢ ᠬᠤᠷᠠᠮᠳᠤᠭᠤᠯᠤᠭᠰᠡᠨ ᠪᠤᠯᠪᠠᠴᠦ᠂ ᠪᠦᠬᠦ ᠤᠯᠤᠰ ᠤᠨ ᠡᠳ᠋ ᠤᠨ ᠵᠠᠰᠠᠭ ᠠᠵᠤ ᠠᠬᠤᠢ ᠶᠢᠨ ᠠᠵᠢᠯ ᠤᠨ ᠡᠮᠦᠨ᠎ᠠ᠂ ᠲᠡᠷᠡ ᠴᠢᠳᠠᠪᠤᠷᠢ ᠮᠡᠬᠦᠰᠳᠡᠵᠤ᠂ ᠡᠬᠦᠷᠬᠡᠯᠡᠵᠤ ᠲᠡᠶᠢᠯᠬᠦ ᠦᠬᠡᠢ ᠠᠴᠠ ᠯᠠ ᠠᠶᠤᠵᠤ ᠪᠠᠶᠢᠪᠠ᠃ ᠤᠯᠠᠨ ᠲᠠᠯ᠎ᠠ ᠶᠢᠨ ᠲᠠᠷᠤᠤ ᠬᠢᠴᠢᠶᠡᠩᠬᠦᠢ ᠪᠠᠷ ᠡᠬᠢᠨ ᠠᠴᠠ ᠨᠢ ᠰᠤᠷᠴᠦ᠂ ᠠᠵᠢᠯ ᠤᠨ ᠲᠤᠮᠳᠠ ᠪᠠᠨ ᠪᠦᠯᠬᠦᠮᠳᠠᠯ ᠢ ᠡᠷᠬᠢᠮᠯᠡᠨ᠂ ᠬᠠᠮᠳᠤ ᠠᠵᠢᠯᠳᠠᠨ ᠢᠶᠠᠨ ᠬᠦᠨᠳᠦᠳᠬᠡᠵᠤ᠂ ᠬᠠᠮᠳᠤ ᠶᠢᠨ ᠤᠶᠤᠨ ᠤᠬᠠᠭᠠᠨ ᠢ ᠬᠦᠢᠴᠡᠳ ᠪᠠᠳᠠᠷᠠᠭᠤᠯᠳᠠᠭ᠃ ᠡᠳ᠋ ᠤᠨ ᠵᠠᠰᠠᠭ ᠠᠵᠤ ᠠᠬᠤᠢ ᠶᠢᠨ ᠠᠵᠢᠯ ᠶᠢ ᠤᠳᠠᠭᠠᠨ ᠠᠵᠢᠯ ᠬᠢᠭᠰᠡᠨ ᠳ᠋ᠤᠸᠠᠨ ᠶᠦᠨ ᠬᠤᠵᠢᠮ ᠨᠢ ᠡᠷᠬᠢᠴᠡᠬᠦᠯᠬᠦ ᠳᠡᠭᠡᠨ᠂ ᠯᠢ ᠰᠢᠶᠠᠨ ᠨᠢᠶᠠᠨ ︽ᠠᠭᠤᠳᠠᠮᠴᠢ ᠵᠠᠩ ᠲᠠᠢ᠂ ᠪᠤᠰᠤᠳ ᠠᠴᠠ ᠬᠢᠴᠢᠶᠡᠩᠬᠦᠶᠢᠯᠡᠨ ᠠᠰᠠᠭᠤᠵᠤ᠂ ᠮᠠᠦ ᠲᠡᠷᠢᠬᠦᠯᠡᠭᠴᠢ ᠶᠢᠨ ᠬᠡᠯᠡᠭᠰᠡᠨ ᠰᠢᠭ ᠢᠶᠠᠷ ᠮᠡᠷᠬᠡᠰᠢᠭᠰᠡᠨ ᠬᠦᠮᠦᠨ ᠪᠦᠬᠦᠨ ︵ᠶᠠᠮᠠᠷ ᠬᠦᠮᠦᠨ ᠴᠦ ᠪᠤᠯᠤᠭ︶ ᠠᠴᠠ ᠠᠵᠤ ᠠᠬᠤᠢ ᠶᠢᠨ ᠠᠵᠢᠯ ᠰᠤᠷᠴᠦ᠂ ᠡᠨᠡ ᠲᠠᠯ᠎ᠠ ᠶᠢᠨ ᠦᠯᠡᠮᠵᠢ ᠮᠡᠳᠡᠯᠬᠡ ᠶᠢ ᠮᠠᠰᠢ ᠲᠦᠷᠬᠡᠨ ᠡᠵᠡᠮᠰᠢᠵᠠᠢ︾ ᠬᠡᠪᠡ᠃ ᠯᠢ ᠰᠢᠶᠠᠨ ᠨᠢᠶᠠᠨ ᠡᠳ᠋ ᠤᠨ ᠵᠠᠰᠠᠭ ᠤᠨ ᠶᠠᠮᠦᠨ ᠤ ᠰᠠᠶᠢᠳ ᠤᠨ ᠲᠤᠰᠢᠶᠠᠯ ᠢ 22 ᠵᠢᠯ ᠬᠠᠷᠢᠭᠤᠴᠠᠵᠤ᠂ ᠠᠩᠬ᠎ᠠ ᠡᠬᠢᠯᠡᠬᠦ ᠳᠡᠭᠡᠨ ︽ᠴᠢᠳᠠᠪᠤᠷᠢ ᠶᠢᠨ ᠮᠡᠬᠦᠰᠳᠠᠯ ᠲᠠᠢ︾ ᠪᠠᠶᠢᠭᠰᠡᠨ ᠠᠴᠠ ᠪᠠᠨ ᠡᠴᠤᠰ ᠲᠡᠭᠡᠨ ᠪᠦᠬᠦ ᠨᠠᠮ ᠢᠶᠠᠷ ᠢᠶᠠᠨ ᠰᠠᠶᠢᠨ ᠮᠡᠳᠡᠳᠡᠭ ᠴᠠᠭᠠᠷᠠᠭᠰᠡᠨ ᠲᠤᠰᠬᠠᠢ ᠮᠡᠷᠬᠡᠵᠢᠯᠳᠠᠨ ᠪᠤᠯᠪᠠ᠃     ᠠᠷᠠᠳ ᠲᠦᠮᠡᠨ ᠳᠤ ᠤᠶᠢᠯᠡᠴᠢᠯᠡᠬᠦ ᠲᠤᠮᠳᠠ ︽ᠮᠤᠷᠠᠯ︾ ᠲᠠᠢ ᠪᠤᠯᠵᠤ᠂ ᠡᠷᠳᠡᠮ ᠴᠢᠳᠠᠪᠤᠷᠢ ᠪᠠᠨ ᠨᠡᠮᠡᠭᠳᠡᠬᠦᠯᠬᠦ ᠲᠤᠮᠳᠠ ︽ᠴᠢᠳᠠᠪᠤᠷᠢ︾ ᠲᠠᠢ ᠪᠤᠯᠵᠤ᠂︽ᠮᠤᠷᠠᠯ ᠴᠢᠳᠠᠪᠤᠷᠢ ᠶᠢ ᠵᠡᠷᠬᠡ ᠪᠠᠷ ᠴᠢᠬᠤᠯᠠᠴᠢᠯᠠᠬᠤ︾ ᠪᠤᠯ ᠯᠢ ᠰᠢᠶᠠᠨ ᠨᠢᠶᠠᠨ ᠤ ᠨᠠᠮ ᠤᠨ ᠬᠡᠰᠢᠬᠦᠨ ᠺᠠᠳ᠋ᠷᠴᠤᠳ ᠲᠤ ᠲᠠᠯᠪᠢᠭᠰᠡᠨ ᠱᠠᠭᠠᠷᠳᠠᠯᠭ᠎ᠠ ᠮᠦᠨ᠂ ᠮᠦᠨ ᠴᠦ ᠲᠡᠬᠦᠨ ᠤ ᠨᠠᠰᠤᠨ ᠲᠤᠷᠰᠢᠳᠠ ᠴᠦᠬᠦᠷᠡᠰᠢ ᠦᠬᠡᠢ ᠬᠦᠬᠡᠬᠡᠴᠡᠯᠳᠦᠭᠰᠡᠨ ᠬᠠᠷᠠᠯᠳᠠ ᠮᠦᠨ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ