ᠪᠤᠭᠤ ᠪᠠᠷᠢᠭᠰᠠᠨ ᠪᠠᠷᠰ ᠤᠨ ᠬᠡ ᠲᠠᠢ ᠮᠥᠩᠭᠦᠨ ᠴᠢᠮᠡᠭᠯᠡᠯ ᠤᠨ ᠫᠠᠶᠢᠰᠠ
ᠨᠡᠶᠢᠲᠡᠯᠡᠭᠰᠡᠨ ᠴᠠᠭ᠄
2025/4/24
      ᠡᠵᠡᠨ ᠬᠤᠷᠤᠭ᠎ᠠ ᠬᠤᠰᠢᠭᠤᠨ ᠤ ᠰᠢᠬᠤᠢ ᠶᠢᠨ ᠭᠤᠤᠯ ᠤᠨ ᠣᠩᠭᠤᠨ ᠠᠴᠠ ᠤᠯᠳᠠᠭᠰᠠᠨ᠂ ᠣᠷᠳᠣ ᠨᠢ 10.4 ᠰᠠᠨᠲ᠋ᠢᠮᠧᠲᠷ᠂ ᠥᠷᠭᠡᠨ ᠨᠢ 4.75 ᠰᠠᠨᠲ᠋ᠢᠮᠧᠲᠷ᠂ ᠬᠦᠨᠳᠦ ᠨᠢ 75.5 ᠭᠷᠡᠮ ᠪᠠᠶᠢᠳᠠᠭ᠃ ᠪᠠᠷᠰ ᠨᠢ ᠰᠦᠡ ᠵᠢᠪᠬᠤᠭ᠎ᠠ ᠲᠠᠢ᠂ ᠴᠢᠬᠢ ᠪᠠᠨ ᠰᠤᠷᠳᠤᠶᠢᠯᠭᠠᠵᠤ᠂ ᠨᠢᠳᠦ ᠪᠠᠨ ᠪᠦᠯᠲᠡᠶᠢᠯᠭᠡᠨ ᠠᠮᠠ ᠪᠠᠨ ᠠᠩᠭᠠᠶᠢᠵᠤ᠂ ᠠᠮᠠ ᠪᠠᠨ ᠮᠥᠯᠬᠦᠵᠦ ᠪᠠᠶᠢᠭ᠎ᠠ ᠪᠤᠭᠤ ᠶᠢᠨ ᠲᠣᠯᠣᠭᠠᠢ ᠶᠢᠨ ᠣᠷᠣᠢ ᠳᠤ ᠳᠤᠯᠭᠠᠵᠤ᠂  ᠰᠠᠪᠠᠷ ᠪᠠᠷ ᠪᠤᠭᠤ ᠶᠢᠨ ᠨᠢᠷᠤᠭᠤᠨ ᠳᠡᠭᠡᠷ᠎ᠡ ᠬᠢᠰᠬᠢᠵᠤ ᠪᠠᠶᠢᠭ᠎ᠠ ᠲᠦᠷᠰᠤ ᠪᠠᠶᠢᠳᠠᠯ ᠢ ᠬᠦᠳᠦᠬᠦᠷ ᠰᠡᠶᠢᠯᠦᠮᠡᠯ ᠪᠠᠷ ᠠᠮᠢᠳᠤᠯᠢᠭ ᠰᠠᠶᠢᠬᠠᠨ ᠰᠡᠶᠢᠯᠪᠤᠷᠢᠯᠡᠵᠡᠢ᠃ ᠪᠤᠭᠤ ᠶᠢᠨ ᠡᠮᠦᠨ᠎ᠡ ᠬᠤᠶᠠᠷ ᠮᠥᠴᠢ ᠨᠢ ᠡᠮᠦᠨᠡᠰᠢ ᠲᠡᠭᠰᠢᠬᠡᠨ ᠰᠤᠨᠤᠵᠤ᠂ ᠪᠠᠷᠰ ᠤᠨ ᠭᠢᠰᠬᠢᠯᠲᠡ ᠶᠢᠨ ᠳᠣᠣᠷ᠎ᠠ᠂ ᠲᠣᠯᠣᠭᠠᠢ ᠨᠢ ᠡᠮᠦᠨ᠎ᠡ ᠮᠥᠴᠢ ᠲᠠᠢ ᠪᠠᠨ ᠴᠢᠩᠭ᠎ᠠ ᠨᠠᠭᠠᠯᠳᠤᠨ᠂ ᠥᠴᠥᠬᠡᠨ ᠴᠦ ᠡᠰᠡᠷᠭᠦᠴᠡᠬᠦ ᠬᠦᠴᠦᠨ ᠦᠭᠡᠢ ᠪᠣᠯᠵᠤ᠂ ᠴᠢᠷᠠᠢ ᠳᠤᠨᠢ ᠠᠶᠤᠵᠤ ᠡᠮᠢᠶᠡᠬᠦ᠂ ᠠᠷᠭ᠎ᠠ ᠪᠠᠷᠠᠭᠳᠠᠭᠰᠠᠨ ᠪᠠᠶᠢᠳᠠᠯ ᠢᠯᠡᠷᠡᠵᠡᠢ᠃ ᠪᠦᠬᠦ᠋ᠢᠯᠡ ᠵᠢᠷᠤᠭ ᠳᠦᠷᠰᠦ ᠨᠢ ᠲᠠᠯ᠎ᠠ ᠨᠤᠲᠤᠭ ᠤᠨ ᠬᠦᠴᠦᠷᠬᠡᠭ ᠨᠢ ᠪᠠᠭᠤᠷᠠᠢ ᠪᠠᠨ ᠵᠠᠯᠭᠢᠬᠤ ᠭᠤᠨᠢᠭᠲᠤ ᠠᠭᠤᠷ ᠠᠮᠢᠰᠬᠤᠯ ᠢ ᠠᠮᠢᠳᠤᠯᠢᠭ ᠢᠶᠠᠷ ᠢᠯᠡᠷᠡᠭᠦᠯᠦᠭᠰᠡᠨ ᠪᠠᠶᠢᠨ᠎ᠠ᠃ 
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ