| 4 ᠰᠠᠷ᠎ᠠ ᠶᠢᠨ 19 ᠤ ᠡᠳᠦᠷ᠂ ︽4 · 23 ᠤ ᠳᠡᠯᠡᠬᠡᠢ ᠶᠢᠨ ᠨᠣᠮ ᠤᠩᠰᠢᠬᠤ ᠡᠳᠦᠷ︾ ᠵᠢᠴᠢ 2025 ᠣᠨ ᠤ ᠪᠥᠬᠦ ᠠᠷᠠᠳ ᠢᠶᠠᠷ ᠢᠶᠠᠨ ᠨᠣᠮ ᠤᠩᠰᠢᠬᠤ | ᠶᠢ ᠳᠡᠯᠭᠡᠷᠡᠭᠦᠯᠬᠦ᠂ ᠪᠥᠬᠦ ᠬᠤᠲᠠ ᠪᠠᠷ ᠢᠶᠠᠨ ᠨᠢᠭᠡ ᠨᠣᠮ ᠤᠩᠰᠢᠬᠤ ᠰᠢᠷᠢᠰ ᠭᠤᠣᠯ ᠰᠡᠳᠦᠪᠲᠦ ᠠᠵᠢᠯᠯᠠᠭ᠎ᠠ ᠳ᠋ᠦᠩᠱᠧᠩ ᠲᠣᠭᠤᠷᠢᠭ ᠤᠨ ᠨᠣᠮ ᠤᠨ ᠰᠠᠩ ᠳᠤ | ᠶᠠᠪᠤᠭᠳᠠᠵᠤ᠂ 3 ᠲᠦᠮᠡ ᠰᠢᠬᠠᠮ ᠬᠤᠲᠠ ᠶᠢᠨ ᠠᠷᠠᠳ ᠠᠵᠢᠯᠯᠠᠭ᠎ᠠ ᠳᠤ ᠣᠷᠣᠯᠴᠠᠵᠤ᠂ ᠡᠯᠪᠡᠭ ᠪᠠᠶᠠᠯᠢᠭ ᠣᠯᠠᠨ ᠶᠠᠩᠵᠤ ᠶᠢᠨ ᠬᠡᠯᠪᠡᠷᠢ ᠪᠠᠷ ᠪᠥᠬᠦ | ᠠᠷᠠᠳ ᠢᠶᠠᠷ ᠢᠶᠠᠨ ᠨᠣᠮ ᠤᠩᠰᠢᠬᠤ ᠬᠠᠯᠠᠭᠤᠨ ᠥᠷᠨᠢᠯᠲᠡ ᠭᠠᠷᠭᠠᠵᠤ᠂ ︽ᠨᠣᠮ ᠤᠨ ᠰᠤᠷᠪᠤᠯᠵᠢᠲᠤ ᠬᠤᠲᠠ︾ ᠶᠢᠨ ᠪᠦᠲᠦᠭᠡᠨ ᠪᠠᠶᠢᠭᠤᠯᠤᠯᠲᠠ ᠶᠢ ᠰᠢᠨ᠎ᠡ | ᠥᠨᠳᠥᠷᠴᠡ ᠳᠠᠰᠢ ᠠᠬᠢᠭᠤᠯᠪᠠ᠃ | ᠲᠤᠰ ᠤᠳᠠᠭᠠᠨ ᠤ ᠠᠵᠢᠯᠯᠠᠭ᠎ᠠ ᠳᠤ 86 ᠳ᠋ᠤᠭᠠᠷ ᠬᠡᠪᠯᠡᠯ ᠤᠨ ︽ᠪᠠᠷᠠᠭᠤᠨᠰᠢ ᠵᠣᠷᠴᠢᠭᠰᠠᠨ ᠲᠡᠮᠳᠡᠭᠯᠡᠯ︾ ᠤᠨ ᠳᠣᠲᠣᠷᠠᠬᠢ ᠪᠡᠴᠢᠨ ᠪᠠᠭᠰᠢ ᠶᠢᠨ ᠲᠦᠷᠢ ᠶᠢ | ᠲᠣᠭᠯᠠᠭᠴᠢ ︽ᠯᠢᠦ ᠰᠢᠶᠤᠤ ᠯᠢᠩ ᠲᠤᠩ︾ ᠵᠠᠩ ᠶᠢᠨ ᠯᠠᠢ ᠠᠪᠤᠭᠠᠢ ᠶᠢ ᠣᠨᠴᠠᠭᠠᠶᠢᠯᠠᠨ ᠤᠷᠢᠭᠰᠠᠨ ᠪᠠᠶᠢᠨ᠎ᠠ᠃ ᠵᠠᠩ ᠶᠢᠨ ᠯᠠᠢ ᠠᠪᠤᠭᠠᠢ ᠬᠠᠮᠤᠭ ᠤᠨ ᠰᠢᠨ᠎ᠡ | ᠪᠦᠲᠦᠭᠡᠯ ᠪᠣᠯᠬᠤ ︽ᠠᠯᠲᠠᠨ ᠪᠡᠴᠢᠨ ᠪᠠᠭᠰᠢ︾ ᠪᠠᠨ ᠠᠪᠴᠦ ᠠᠬᠤᠢ ᠲᠠᠯᠠᠪᠠᠶ ᠳᠤ ᠢᠷᠡᠵᠦ᠂ ᠬᠤᠲᠠ ᠶᠢᠨ ᠨᠠᠶᠢᠵᠠ ᠨᠠᠷ ᠲᠠᠢ ᠪᠠᠨ ᠬᠠᠮᠲᠤ ᠪᠠᠷ ᠰᠣᠩᠭᠤᠳᠠᠭ | ᠪᠦᠲᠦᠭᠡᠯ ᠪᠣᠯᠬᠤ ︽ᠪᠠᠷᠠᠭᠤᠨᠰᠢ ᠵᠣᠷᠴᠢᠭᠰᠠᠨ ᠲᠡᠮᠳᠡᠭᠯᠡᠯ︾ ᠤᠨ ᠷᠢᠳᠢ ᠰᠢᠳᠢ ᠶᠢ ᠳᠠᠬᠢᠨ ᠲᠤᠷᠠᠳᠬᠠᠵᠤ᠂ ᠪᠦᠲᠦᠭᠡᠯ ᠤᠨ ᠠᠷᠤ ᠳᠠᠬᠢ ᠭᠤᠶᠢᠳᠠ ᠰᠠᠶᠢᠬᠠᠨ | ᠥᠯᠢᠭᠡᠷ ᠢ ᠬᠤᠪᠢᠶᠠᠯᠴᠠᠵᠤ᠂ ᠣᠯᠠᠨ ᠢ ᠳᠠᠭᠠᠭᠤᠯᠤᠨ ᠤᠯᠠᠮᠵᠢᠯᠠᠯᠲᠤ ᠰᠣᠶᠣᠯ ᠤᠨ ᠭᠦᠨ ᠠᠭᠤᠯᠬᠤᠨ ᠢ ᠰᠤᠨᠢᠷᠬᠠᠭᠤᠯᠵᠠᠢ᠃ | | | | | | | | | | | | | | | | | | | | | | | | | | | | | | | | | | | |