ᠳᠤᠭᠤᠷᠠᠭ ᠡᠪᠡᠷᠳᠤ ᠬᠤᠨᠢᠨ ᠤ ᠬᠡᠯᠪᠡᠷᠢᠳᠡᠢ ᠬᠦᠷᠡᠯ ᠲᠣᠯᠣᠭᠠᠢ ᠶᠢᠨ ᠵᠠᠰᠠᠯ
ᠨᠡᠶᠢᠲᠡᠯᠡᠭᠰᠡᠨ ᠴᠠᠭ᠄
2025/2/25
      ᠪᠠᠶᠢᠯᠳᠤᠭᠠᠨᠲᠤ ᠤᠯᠤᠰ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 475 ᠣᠨ — ᠨᠡᠶᠢᠲᠡ ᠶᠢᠨ ᠣᠨ ᠲᠣᠭᠠᠯᠠᠯ  ᠠᠴᠠ ᠡᠮᠦᠨ᠎ᠡ 221 ᠣᠨ︶  ᠤᠨ ᠦᠶ᠎ᠡ ᠶᠢᠨ ᠳᠤᠭᠤᠷᠠᠭ ᠡᠪᠡᠷᠳᠤ ᠬᠤᠨᠢᠨ ᠤ ᠬᠡᠯᠪᠡᠷᠢᠳᠡᠢ ᠬᠦᠷᠡᠯ ᠳᠤᠯᠤᠭᠠᠢ ᠶᠢᠨ ᠵᠠᠰᠠᠯ ᠢ ᠣᠷᠳᠣᠰ ᠬᠤᠲᠠ ᠶᠢᠨ ᠡᠵᠡᠨ ᠬᠤᠷᠤᠭ᠎ᠠ ᠬᠤᠰᠢᠭᠤᠨ ᠤ ᠰᠢᠬᠤᠢ  ᠶᠢᠨ ᠭᠤᠤᠯ ᠤᠨ ᠣᠩᠭᠤᠨ ᠠᠴᠠ ᠤᠯᠳᠠᠵᠠᠢ᠃ ᠣᠷᠳᠣ ᠪᠠᠷ18.1cm᠂ ᠥᠷᠭᠡᠨ ᠨᠢ 5.8 cm᠂ ᠥᠨᠳᠥᠷ ᠨᠢ 8cm᠂ ᠤᠩᠬᠢ ᠶᠢᠨ ᠣᠷᠳᠣ ᠨᠢ 8cm ᠪᠠᠶᠢᠳᠠᠭ᠃ ᠲᠦᠬᠦᠷᠢᠭᠯᠡᠨ ᠰᠡᠶᠢᠯᠦᠭᠰᠡᠨ ᠳᠤᠭᠤᠷᠠᠭ ᠡᠪᠡᠷᠲᠦ ᠬᠤᠨᠢᠨ ᠲᠣᠯᠣᠭᠠᠢ ᠶᠢᠨ ᠳᠦᠷᠰᠦ ᠲᠠᠢ᠂ ᠤᠷᠤᠭᠤᠯ ᠤᠨ ᠬᠡᠰᠡᠭ ᠨᠢ ᠤᠷᠤᠭᠰᠢ ᠲᠦᠷᠢᠵᠤ᠂ ᠠᠮᠠ ᠪᠠᠨ ᠪᠠᠭ᠎ᠠ ᠵᠡᠷᠬᠡ ᠠᠩᠭᠠᠶᠢᠨ᠂ ᠬᠤᠶᠠᠷ ᠨᠢᠳᠦ ᠪᠠᠨ ᠪᠦᠯᠳᠡᠶᠢᠯᠬᠡᠨ᠂ ᠠᠯᠤᠰ ᠢ  ᠪᠠᠷᠠᠯᠠᠭᠰᠠᠨ ᠬᠡᠯᠪᠡᠷᠢ ᠲᠠᠢ᠂ ᠬᠤᠶᠠᠷ ᠴᠢᠬᠢ ᠨᠢ ᠰᠤᠷᠳᠤᠶᠢᠯᠭᠠᠨ᠂ ᠳᠤᠭᠤᠷᠠᠭ ᠡᠪᠡᠷ ᠲᠠᠢ᠂ ᠡᠪᠡᠷ ᠤᠨ ᠦᠵᠦᠭᠦᠷ ᠨᠢ ᠬᠠᠮᠠᠷ ᠤᠨ ᠳᠡᠬᠡᠷ᠎ᠡ ᠳᠠᠯ᠎ᠠ ᠳᠤ ᠬᠦᠷᠴᠤ᠂ ᠨᠠᠷᠢᠯᠢᠭ ᠰᠠᠶᠢᠬᠠᠨ ᠤᠷᠠᠯᠠᠨ ᠰᠡᠶᠢᠯᠦᠭᠰᠡᠨ ᠪᠥᠭᠡᠳ ᠪᠠᠶᠢᠳᠠᠯ ᠲᠦᠯᠦᠪ ᠨᠢ ᠨᠠᠮᠤᠭᠤᠬᠠᠨ᠃ ᠲᠣᠯᠣᠭᠠᠢ ᠪᠠ ᠬᠦᠵᠦᠭᠦᠦ ᠨᠢ ᠳᠤᠮᠳᠠ ᠪᠠᠨ ᠬᠥᠨᠳᠡᠢ᠂ ᠬᠦᠵᠦᠭᠦᠦ ᠶᠢᠨ ᠬᠡᠰᠡᠭ ᠨᠢ ᠠᠷᠤᠨᠰᠢ ᠪᠠᠨ ᠥᠷᠭᠡᠨ᠂ ᠪᠠᠭ᠎ᠠ ᠯᠠ ᠣᠷᠳᠣ ᠳᠥᠷᠪᠡᠯᠵᠢᠨ ᠬᠡᠯᠪᠡᠷᠢ ᠲᠠᠢ᠂ ᠪᠠᠭ᠎ᠠ ᠬᠦᠳᠦᠶᠢᠨ ᠤᠩᠬᠢ ᠭᠠᠷᠭᠠᠵᠤ ᠪᠠᠷᠢᠭᠤᠯ ᠢ ᠪᠠᠭᠳᠠᠭᠠᠨ᠂ ᠤᠩᠬᠢ ᠶᠢᠨ ᠠᠮᠠᠰᠠᠷ ᠤᠨ ᠨᠢᠭᠡ ᠲᠠᠯ᠎ᠠ ᠳᠤᠨᠢ ᠨᠢᠭᠡ ᠵᠢᠵᠢᠭ ᠬᠠᠳᠠᠭᠠᠰᠤᠨ ᠨᠦᠬᠡ ᠲᠠᠢ᠃ ᠦᠨᠳᠦᠰᠦᠨ ᠳᠡᠭᠡᠨ ᠪᠦᠷᠢᠨ ᠪᠦᠲᠦᠨ ᠪᠠᠶᠢᠵᠤ᠂ ᠪᠠᠭ᠎ᠠ ᠵᠢᠪᠡᠷᠡᠵᠦ ᠢᠳᠡᠭᠳᠡᠨ᠂ ᠳᠣᠣᠷᠠᠳᠤ ᠡᠷᠡᠦ ᠳᠤᠨᠢ ᠴᠠᠪᠠ ᠲᠠᠢ᠃
微信图片_20240809165644.jpg
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ