ᠳᠠᠭᠤᠳᠤ ᠵᠡᠪᠡ ᠪᠤᠯ ᠨᠢᠭᠡ ᠵᠦᠢᠯ ᠤᠨ ᠮᠠᠰᠢ ᠣᠨᠴᠠᠭᠠᠢ ᠬᠦᠷᠡᠯ ᠵᠡᠪᠡ ᠪᠤᠯᠤᠨ᠎ᠠ᠂ ᠵᠡᠪᠡ ᠶᠢᠨ ᠡᠮᠦᠨ᠎ᠡ ᠬᠡᠰᠡᠭ ᠨᠢ ᠭᠤᠷᠪᠠᠨ ᠵᠢᠭᠦᠷ ᠤᠨ ᠬᠡᠯᠪᠡᠷᠢ ᠲᠠᠢ | ᠪᠠᠶᠢᠵᠤ᠂ ᠭᠤᠷᠪᠠᠨ ᠵᠢᠭᠦᠷ ᠨᠢ ᠳᠤᠮᠳᠠ ᠪᠠᠨ ᠬᠥᠨᠳᠡᠢ ᠪᠦᠮᠪᠤᠬᠡᠨ ᠬᠡᠯᠪᠡᠷᠢᠳᠡᠢ᠂ ᠤᠩᠬᠢ ᠲᠠᠢ ᠨᠡᠪᠳᠡᠷᠡᠵᠤ᠂ ᠪᠦᠮᠪᠦᠭᠡ ᠶᠢᠨ ᠡᠮᠦᠨ᠎ᠡ ᠬᠠᠭᠠᠰ ᠬᠡᠰᠡᠭ ᠤᠨ ᠵᠡᠪᠡ ᠶᠢᠨ | ᠵᠢᠬᠦᠷ ᠤᠨ ᠬᠤᠭᠤᠷᠣᠨᠳᠤ ᠲᠤᠰ ᠪᠦᠷᠢ ᠨᠢᠭᠡ ᠵᠢᠵᠢᠭ ᠰᠦᠪᠡ ᠲᠠᠢ᠃ ᠡᠶᠢᠮᠦᠷᠬᠦ ᠵᠡᠪᠡ ᠶᠢ ᠤᠭᠰᠠᠷᠠᠭᠰᠠᠨ ᠰᠤᠮᠤ ᠶᠢ ᠬᠠᠷᠪᠤᠭᠰᠠᠨ ᠤ ᠲᠡᠷᠠᠭ᠎ᠠ᠂ ᠠᠭᠠᠷ ᠤᠨ | ᠤᠷᠤᠰᠬᠠᠯ ᠨᠦᠬᠡᠨ ᠳᠤ ᠣᠷᠣᠭᠠᠳ ᠲᠡᠭᠤ ᠭᠠᠷᠳᠠᠬ᠂ ᠡᠶᠢᠮᠦ ᠠᠴᠠ ᠲᠡᠭᠦᠨ ᠢ ᠪᠠᠰᠠ ︽ᠳᠠᠭᠤᠲᠤ ᠰᠤᠮᠤ︾ ᠭᠡᠳᠡᠭ᠃ | ︽ᠰᠤᠳᠤᠷ ᠲᠡᠮᠳᠡᠭᠯᠡᠯ · ᠾᠦᠩᠨᠦ ᠶᠢᠨ ᠰᠤᠯᠠ ᠱᠡᠰᠳᠢᠷ︾ ᠲᠤ ᠳᠡᠮᠳᠡᠭᠯᠡᠭᠰᠡᠨ ᠢᠶᠠᠷ᠄ ᠾᠦᠩᠨᠦ ᠶᠢᠨ ᠲᠦᠷᠦᠭᠦᠦ ᠮᠤᠳᠤᠨ ᠡᠴᠢᠭᠡ ᠶᠢᠨ ᠢᠶᠠᠨ ᠪᠠᠶᠢᠷᠢ | ᠰᠠᠭᠤᠷᠢ ᠶᠢ ᠣᠷᠣᠯᠠᠬᠤ ᠶᠢᠨ ᠲᠥᠯᠥᠭᠡ᠂ ᠲᠤᠰᠬᠠᠶᠢᠯᠠᠨ ᠨᠢᠭᠡ ᠵᠦᠢᠯ ᠤᠨ ᠬᠦᠩᠭᠢᠨᠡᠮ᠎ᠡ ᠳᠠᠭᠤ ᠲᠠᠢ ᠵᠡᠪᠡ ᠶᠢ ᠵᠣᠬᠢᠶᠠᠵᠤ᠂ ᠳᠣᠣᠷᠠᠬᠢ ᠬᠥᠮᠥᠰ ᠢᠶᠠᠨ | ᠪᠣᠯᠪᠠᠰᠤᠷᠠᠭᠤᠯᠬᠤ ᠳᠤ ᠬᠡᠷᠡᠭᠯᠡᠵᠡᠢ᠃ ᠪᠠᠰᠠ ᠳᠡᠬᠡᠬᠡᠳ ᠮᠤᠳᠤᠨ᠄ ᠮᠢᠨᠤ ᠳᠠᠭᠤᠳᠤ ᠰᠤᠮᠤ ᠬᠠᠮᠢᠭᠠᠰᠢ ᠪᠠᠨ ᠬᠠᠷᠪᠤᠭᠰᠠᠨ ᠪᠤᠯ᠂ ᠳᠠᠨᠠᠷ ᠤᠨ ᠰᠤᠮᠤ ᠵᠠᠪᠠᠯ ᠳᠡᠷᠡ | ᠵᠦᠭ ᠲᠤ ᠬᠠᠷᠪᠤᠭᠰᠠᠨ ᠪᠠᠶᠢᠬᠤ ᠬᠡᠷᠡᠭᠳᠡᠢ᠂ ᠵᠦᠷᠢᠴᠡᠭᠰᠡᠳ ᠢ ᠳᠠᠷᠤᠢ ᠳᠤᠨᠢ ᠠᠯᠠᠬᠤ ᠪᠠᠷ ᠳᠤᠷᠭᠠᠨ᠎ᠠ ᠬᠡᠵᠤ ᠳᠤᠳᠤᠷᠬᠠᠢ ᠳᠤᠭᠳᠠᠭᠠᠭᠰᠠᠨ ᠪᠠᠶᠢᠪᠠ᠃ ᠳᠡᠷᠡ | ᠳᠠᠭᠠᠭᠰᠠᠳ ᠢᠶᠠᠨ ᠳᠠᠭᠠᠭᠤᠯᠤᠨ ᠠᠪᠠᠯᠠᠵᠤ ᠪᠤᠯᠪᠠᠰᠤᠷᠠᠬᠤ ᠵᠠᠭᠤᠷ᠎ᠠ ᠳᠠᠭᠤᠳᠤ ᠰᠤᠮᠤ ᠶᠢᠨ ᠬᠠᠷᠪᠤᠭᠰᠠᠨ ᠵᠦᠭ ᠲᠤ ᠰᠤᠮᠤ ᠪᠠᠨ ᠬᠠᠷᠪᠤᠭᠰᠠᠨ ᠦᠬᠡᠢ ᠳᠡᠳᠡᠬᠡᠷ | ᠬᠦᠮᠦᠰ ᠢ ᠳᠡᠷᠡ ᠳᠤᠤᠷ᠎ᠠ ᠨᠢ ᠳᠤᠯᠤᠭᠠᠢ ᠶᠢ ᠨᠢ ᠴᠠᠭᠴᠢᠵᠤ ᠤᠯᠠᠨ ᠳᠤ ᠦᠵᠡᠬᠦᠯᠪᠡ᠃ ᠳᠠᠭᠠᠭᠰᠠᠳ ᠨᠢ ᠶᠡᠬᠡᠳᠡ ᠰᠤᠴᠢᠵᠤ ᠳᠡᠬᠦᠨ ᠠᠴᠠ ᠬᠤᠶᠢᠰᠢ | ᠠᠯᠮᠠᠭᠠᠶᠢᠷᠠᠵᠤ ᠴᠢᠳᠠᠬᠤ ᠪᠠᠨ ᠪᠤᠯᠢᠵᠠᠢ᠃ ᠨᠢᠬᠡ ᠤᠳᠠᠭ᠎ᠠ ᠮᠤᠳᠤᠨ ᠳᠠᠭᠤᠳᠤ ᠰᠤᠮᠤ ᠪᠠᠷ ᠢᠶᠠᠨ ᠦᠪᠡᠷ ᠤᠨ ᠬᠠᠶᠢᠷᠠᠳᠠᠢ ᠪᠠᠶᠢᠯᠳᠤᠭᠠᠨ ᠤ ᠮᠤᠷᠢ ᠪᠠᠨ ᠬᠠᠷᠪᠤᠬᠤ | ᠳᠤ ᠵᠠᠷᠢᠮ ᠳᠠᠭᠠᠭᠰᠠᠳ ᠨᠢ ᠬᠠᠷᠪᠤᠵᠤ ᠴᠢᠳᠠᠭᠰᠠᠨ ᠦᠬᠡᠢ ᠠᠴᠠ ᠪᠤᠯᠵᠤ ᠪᠠᠰᠠ ᠠᠯᠠᠭᠳᠠᠵᠠᠢ᠃ ᠪᠠᠰᠠ ᠨᠢᠬᠡ ᠤᠳᠠᠭ᠎ᠠ ᠳᠡᠷᠡ ᠳᠠᠭᠤᠳᠤ ᠰᠤᠮᠤ ᠪᠠᠨ ᠬᠠᠶᠢᠷᠠᠳᠠᠢ | ᠪᠦᠰᠡᠬᠦᠢ ᠤᠷᠤᠭᠤ ᠪᠠᠨ ᠬᠠᠷᠪᠤᠭᠰᠠᠨ ᠳᠤ ᠳᠠᠭᠠᠵᠤ ᠬᠠᠷᠪᠤᠭᠰᠠᠨ ᠦᠬᠡᠢ ᠳᠠᠭᠠᠭᠰᠠᠳ ᠢᠶᠠᠨ ᠪᠠᠰᠠ ᠠᠯᠠᠪᠠ᠃ ᠡᠶᠢᠮᠦᠷᠬᠦ ᠬᠠᠷᠠᠰᠠᠯᠳᠠᠢ ᠪᠤᠯᠪᠠᠰᠤᠷᠠᠯ ᠤᠨ ᠳᠠᠷᠠᠭ᠎ᠠ᠂ | ᠨᠢᠬᠡ ᠤᠳᠠᠭ᠎ᠠ ᠡᠴᠢᠬᠡ ᠲᠠᠢ ᠪᠠᠨ ᠠᠩ ᠠᠩᠨᠠᠬᠤ ᠵᠠᠭᠤᠷ᠎ᠠ ᠳᠡᠷᠡ ᠳᠠᠭᠤᠳᠤ ᠰᠤᠮᠤ ᠪᠠᠨ ᠡᠴᠢᠬᠡ ᠲᠦᠮᠡᠨ ᠴᠠᠨ ᠢᠤᠢ ᠤᠷᠤᠭᠤ ᠪᠠᠨ ᠬᠠᠷᠪᠤᠵᠠᠢ᠂ ᠳᠠᠭᠠᠭᠰᠠᠳ ᠨᠢ | ᠪᠦᠬᠦᠨ ᠢᠶᠠᠷ ᠢᠶᠠᠨ ᠳᠠᠭᠠᠵᠤ ᠬᠠᠷᠪᠤᠵᠠᠢ᠂ ᠢᠩᠬᠢᠬᠡᠳ ᠮᠤᠳᠤᠨ ᠴᠠᠨ ᠢᠤᠢ ᠡᠴᠢᠬᠡ ᠶᠢ ᠪᠠᠨ ᠤᠷᠤᠯᠠᠨ ᠠᠬᠠᠯᠠᠭᠴᠢ ᠶᠢᠨ ᠰᠠᠭᠤᠳᠠᠯ ᠳᠤ ᠰᠠᠭᠤᠵᠠᠢ᠃ | ᠥᠷᠭᠡᠨ ᠠᠭᠤᠳᠠᠮ ᠲᠠᠯ᠎ᠠ ᠨᠤᠲᠤᠭ ᠲᠤ᠂ ᠬᠦᠮᠦᠰ ᠪᠠᠰᠠ ᠳᠠᠭᠤᠳᠤ ᠰᠤᠮᠤ ᠪᠠᠷ ᠬᠠᠷᠢᠯᠴᠠᠨ ᠨᠡᠪᠳᠡᠷᠡᠯᠴᠡᠵᠤ᠂ ᠴᠢᠮᠡᠭᠡ ᠵᠠᠩᠬᠢ ᠳᠠᠮᠵᠢᠭᠤᠯᠬᠤ᠂ | ᠪᠠᠶᠢᠯᠳᠤᠭᠠᠨ ᠢ ᠵᠢᠯᠤᠭᠤᠳᠬᠤ ᠳᠤ ᠬᠡᠷᠡᠭᠯᠡᠳᠡᠭ ᠪᠠᠶᠢᠵᠠᠢ᠃ | | | |