| 1 ᠰᠠᠷ᠎ᠠ ᠶᠢᠨ 10 ᠤ ᠣᠷᠣᠢ ᠶᠢᠨ 6 ᠴᠠᠭ ᠲᠤ᠂ ᠳ᠋ᠦᠩᠱᠧᠩ ᠲᠠᠢ ᠬᠠᠮᠳᠤ ᠤᠯᠠᠮ ᠰᠠᠶᠢᠨ ᠰᠠᠶᠢᠬᠠᠨ ᠪᠤᠯᠵᠤ᠂ ᠬᠤᠳᠠ ᠶᠢᠨ ᠨᠡᠷᠡᠳᠦ ᠲᠡᠮᠳᠡᠭ ᠢ | ᠰᠢᠨᠡᠳᠬᠡᠬᠦ ᠰᠥᠨᠢ ᠳ᠋ᠦᠩᠱᠧᠩ ᠲᠣᠭᠤᠷᠢᠭ ᠤᠨ ᠨᠣᠮ ᠤᠨ ᠰᠠᠩ ᠳᠤ ᠭᠤᠶᠢᠳᠠ ᠰᠠᠶᠢᠬᠠᠨ ᠶᠠᠪᠤᠭᠳᠠᠪᠠ᠃ ᠳ᠋ᠦᠩᠱᠧᠩ ᠤᠨ ᠬᠤᠲᠠ ᠶᠢᠨ ᠤᠷᠢᠶ᠎ᠠ ᠪᠤᠯᠤᠨ ᠬᠤᠲᠠ | ᠶᠢᠨ LOGO ᠶᠢ ᠨᠠᠶᠢᠳᠡᠯᠡᠨ᠂ ︽ᠲᠤᠷᠤᠨ᠎ᠠ ᠠᠴᠠ ᠨᠠᠷᠠᠨ ᠮᠠᠨᠳᠤᠬᠤᠶᠠ᠂ ᠳ᠋ᠦᠩᠱᠧᠩ ᠤᠨ ᠦᠵᠡᠮᠵᠢ ᠨᠡᠩ ᠭᠠᠶᠢᠬᠠᠯᠳᠠᠢ︾ ᠨᠢ ᠬᠤᠳᠠ ᠶᠢᠨ ᠤᠷᠢᠶ᠎ᠠ | ᠪᠣᠯᠤᠭᠰᠠᠨ ᠤ ᠬᠤᠪᠢ ᠳᠤ ᠳ᠋ᠦᠩᠱᠧᠩ ᠤᠨ ᠰᠣᠶᠣᠯ ᠤᠨ ᠣᠶᠢᠯᠠᠭᠠᠭᠳᠠᠬᠤᠨ ᠢ ᠨᠠᠩ ᠲᠤᠳᠤᠷᠬᠠᠢ ᠢᠯᠡᠷᠡᠭᠦᠯᠦᠭᠰᠡᠨ ᠪᠠᠶᠢᠨ᠎ᠠ᠃ ᠪᠡᠯᠭᠡ ᠲᠡᠮᠳᠡᠭ ᠨᠢ ︽ᠲᠤᠷᠤᠨ᠎ᠠ | ᠠᠴᠠ ᠨᠠᠷᠠᠨ ᠮᠠᠨᠳᠤᠬᠤᠶᠠ᠂ ᠳ᠋ᠦᠩᠱᠧᠩ ᠤᠨ ᠦᠵᠡᠮᠵᠢ ᠨᠡᠩ ᠭᠠᠶᠢᠬᠠᠯᠳᠠᠢ︾ ᠭᠡᠬᠦ ᠬᠤᠳᠠ ᠶᠢᠨ ᠤᠷᠢᠶ᠎ᠠ ᠠᠴᠠ ᠢᠷᠡᠯᠲᠡ ᠲᠠᠢ ᠪᠠᠶᠢᠵᠤ᠂ ᠲᠦᠬᠦᠮ ᠬᠤᠷᠢᠶᠠᠩᠭᠤᠢ | ᠵᠢᠷᠤᠭ ᠲᠥᠯᠥᠪᠯᠡᠭᠡᠨ ᠤ ᠬᠡᠪ ᠨᠠᠮᠪᠠ ᠲᠠᠢ᠂ ᠬᠦᠳᠡᠯᠦᠩᠬᠦᠢ ᠤᠷᠤᠰᠤᠮ᠎ᠠ ᠰᠢᠯᠤᠭᠤᠨ ᠵᠢᠷᠤᠭᠠᠰᠤ᠂ ᠲᠦᠬᠦᠮ ᠲᠣᠳᠣ ᠥᠩᠭᠡ ᠪᠤᠳᠤᠭ ᠢ ᠬᠡᠷᠡᠭᠯᠡᠵᠦ᠂ ᠢᠳᠡᠭ ᠢᠳᠡᠭ | ᠢᠶᠠᠷ ᠬᠤᠪᠢᠷᠠᠨ ᠭᠤᠶᠤ ᠰᠠᠶᠢᠬᠠᠨ ᠰᠢᠯᠦᠭ ᠤᠨ ᠰᠠᠨᠠᠭ᠎ᠠ ᠠᠬᠤᠢ ᠶᠢ ᠵᠢᠷᠤᠭᠯᠠᠨ ᠭᠠᠷᠭᠠᠭᠰᠠᠨ ᠶᠤᠮ᠃ | ᠠᠵᠢᠯᠯᠠᠭ᠎ᠠ ᠶᠢᠨ ᠠᠬᠤᠢ ᠲᠠᠯᠠᠪᠠᠢ ᠳᠤ᠂ ︽ᠳ᠋ᠦᠩᠱᠧᠩ ᠤᠨ ᠰᠤᠶᠤᠯ ᠵᠢᠭᠤᠯᠴᠢᠯᠠᠯ ᠤᠨ ᠰᠤᠳᠤᠨ ᠲᠠᠨᠢᠯᠴᠠᠭᠤᠯᠤᠭᠴᠢ︾ ᠶᠢᠨ ᠫᠠᠶᠢᠰᠠ ᠣᠯᠭᠤᠬᠤ ᠶᠣᠰᠣᠯᠠᠯ | ᠦᠷᠨᠢᠬᠦᠯᠵᠡᠢ᠃ ᠵᠠᠯᠠᠭᠤ ᠳᠠᠭᠤᠴᠢᠨ ᠭᠦᠸᠧ ᠲᠤᠤ᠂ ᠳ᠋ᠦᠩᠱᠧᠩ ᠤᠨ ᠰᠤᠶᠤᠯ ᠵᠢᠭᠤᠯᠴᠢᠯᠠᠯ ᠤᠨ ᠰᠤᠳᠤᠨ ᠲᠠᠨᠢᠯᠴᠠᠭᠤᠯᠤᠭᠴᠢ ᠪᠠᠷ ᠤᠷᠢᠭᠳᠠᠨ᠂ ᠬᠠᠮᠳᠤ ᠳᠤ ᠨᠢ | ᠥᠪᠡᠷ ᠤᠨ ᠤᠷᠠᠨ ᠪᠢᠴᠢᠯᠭᠡ ᠶᠢᠨ ᠪᠦᠲᠦᠭᠡᠯ ᠢᠶᠠᠨ ᠳ᠋ᠦᠩᠱᠧᠩ ᠲᠣᠭᠤᠷᠢᠭ ᠲᠤ ᠪᠡᠯᠡᠭᠯᠡᠪᠠ᠃ | | | | | | | | | | | | | | | | | | |