ᠪᠠᠷᠰ ᠤᠨ ᠪᠠᠷᠢᠭᠤᠯᠳᠤ ᠠᠯᠳᠠᠨ ᠬᠠᠯᠪᠠᠭ᠎ᠠ
ᠨᠡᠶᠢᠲᠡᠯᠡᠭᠰᠡᠨ ᠴᠠᠭ᠄
2024/9/24
      ᠪᠠᠶᠢᠯᠳᠤᠭᠠᠨᠲᠤ ᠤᠯᠤᠰ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 475 ᠣᠨ — ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 221 ᠣᠨ︶᠂ ᠤᠷᠳᠦ ᠨᠢ 15.1 ᠰᠠᠨᠲ᠋ᠢᠮᠧᠲᠷ᠂ ᠥᠷᠭᠡᠨ ᠨᠢ 3.1ᠰᠠᠨᠲ᠋ᠢᠮᠧᠲᠷ᠂ ᠵᠤᠵᠠᠭᠠᠨ ᠨᠢ 1.5 ᠰᠠᠨᠲ᠋ᠢᠮᠧᠲᠷ᠂ ᠬᠦᠨᠳᠦ ᠨᠢ 80 ᠭᠷᠡᠮ᠂ ᠨᠢᠭᠡᠳᠦᠭᠡᠷ ᠳᠡᠰ ᠤᠨ ᠲᠡᠦᠬᠡ ᠶᠢᠨ ᠳᠤᠷᠠᠰᠬᠠᠯᠲᠤ ᠵᠦᠢᠯᠡᠰ ᠪᠤᠯᠤᠨ᠎ᠠ᠃      ᠪᠠᠷᠰ ᠤᠨ ᠪᠠᠷᠢᠭᠤᠯᠲᠤ ᠠᠯᠲᠠᠨ ᠬᠠᠯᠪᠠᠭ᠎ᠠ ᠶᠢᠨ ᠪᠠᠷᠢᠭᠤᠯ ᠤᠨ ᠬᠡᠰᠡᠭ ᠢ ᠪᠠᠷᠰ ᠠᠷᠢᠶᠠᠲᠠᠨ ᠤ ᠬᠡᠯᠪᠡᠷᠢ ᠪᠠᠷ ᠰᠡᠶᠢᠯᠵᠦ᠂ ᠪᠦᠬᠦᠯᠢ ᠴᠣᠭᠴᠠ ᠪᠠᠷ ᠢᠶᠠᠨ ᠮᠠᠳᠠᠷ  ᠤᠨ ᠳᠦᠷᠢ ᠲᠠᠢ ᠲᠥᠰᠲᠡᠢ᠃ ᠠᠷᠢᠶᠠᠲᠠᠨ ᠤ ᠲᠣᠯᠣᠭᠠᠢ ᠨᠢ ᠵᠡᠭᠦᠨᠰᠢ ᠬᠠᠨᠳᠤᠨ᠂ ᠣᠷᠳᠣ ᠬᠠᠮᠠᠷ ᠢᠶᠠᠨ ᠳᠡᠭᠡᠭᠰᠢ  ᠤᠷᠢᠶᠠᠯᠭᠠᠵᠤ᠂ ᠬᠤᠷᠴᠠ ᠰᠢᠳᠦ ᠲᠠᠢ᠂ ᠪᠡᠶ᠎ᠡ  ᠨᠢ ᠨᠤᠮᠤᠯᠠᠨ ᠰᠡᠬᠦᠯ ᠨᠢ ᠤᠨᠵᠠᠶᠢᠭᠰᠠᠨ᠂ ᠳᠥᠷᠪᠡᠨ ᠬᠥᠯ ᠨᠢ ᠪᠤᠭᠤᠨᠢ᠃ ᠪᠠᠷᠢᠭᠤᠯ ᠤᠨ ᠠᠷᠤ ᠲᠠᠯ᠎ᠠ ᠳᠤᠨᠢ ᠤᠷᠲᠤ ᠵᠤᠤᠪᠠᠩ ᠬᠡᠯᠪᠡᠷᠢᠲᠦ ᠵᠢᠵᠢᠭ ᠬᠠᠯᠪᠠᠭ᠎ᠠ ᠲᠠᠢ᠂ ᠭᠦᠨ ᠮᠦᠷᠳᠡᠬᠡᠨ ᠭᠥᠯᠢᠭᠡᠷ᠃ 
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ