ᠯᠤᠤ ᠶᠢᠨ ᠳᠤᠯᠤᠭᠠᠢ ᠲᠠᠢ ᠬᠦᠷᠡᠯ ᠪᠦᠰᠡ ᠶᠢᠨ ᠭᠤᠷᠬᠢ
ᠨᠡᠶᠢᠲᠡᠯᠡᠭᠰᠡᠨ ᠴᠠᠭ᠄
2024/9/10
      ᠣᠷᠳᠣᠰ ᠤᠨ ᠬᠦᠷᠡᠯ ᠪᠠᠭᠠᠵᠢ ᠶᠢᠨ ᠮᠦᠽᠧᠢ ᠳᠤ ᠯᠤᠤ ᠶᠢᠨ ᠳᠤᠯᠤᠭᠠᠢ ᠲᠠᠢ ᠬᠦᠷᠡᠯ ᠪᠦᠰᠡ ᠶᠢᠨ ᠭᠤᠷᠬᠢ ᠶᠢ ᠨᠠᠨᠳᠢᠩᠨᠠᠨ ᠬᠠᠳᠠᠭᠠᠯᠠᠵᠤ ᠪᠠᠶᠢᠳᠠᠭ᠃ ᠡᠨᠡ  ᠨᠢ ᠪᠠᠶᠢᠯᠳᠤᠭᠠᠨᠲᠤ ᠤᠯᠤᠰ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 475 ᠣᠨ — ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 221 ᠣᠨ︶ ᠶᠢᠨ ᠦᠶ᠎ᠡ ᠶᠢᠨ ᠡᠳ᠋ ᠪᠠᠶᠢᠵᠤ᠂ ᠵᠤᠤᠪᠠᠩ ᠬᠡᠯᠪᠡᠷᠢᠲᠡᠢ᠂ ᠬᠤᠶᠠᠷ ᠬᠤᠣᠰ ᠳᠤᠯᠤᠭᠠᠶᠢᠳᠤ ᠯᠣᠸ ᠪᠠᠷ ᠪᠦᠷᠢᠯᠳᠦᠵᠡᠢ᠃ ᠳᠤᠮᠳᠠ ᠬᠡᠰᠡᠭ ᠲᠤ ᠬᠤᠣᠰ ᠯᠣᠣ ᠶᠢᠨ ᠬᠤᠰᠢᠭᠤ  ᠨᠢ ᠬᠠᠷᠢᠯᠴᠠᠨ ᠬᠦᠷᠦᠯᠴᠡᠵᠦ᠂ ᠭᠤᠷᠪᠠᠯᠵᠢᠨ ᠴᠢᠬᠢ ᠲᠠᠢ᠂ ᠨᠢᠳᠦ ᠨᠢ ᠬᠦᠳᠦᠶᠢᠵᠤ᠂ ᠯᠣᠣ ᠶᠢᠨ ᠠᠮᠠ ᠨᠢ ᠪᠦᠷ ᠶᠡᠭᠡ ᠠᠩᠭᠠᠶᠢᠨ᠂ ᠶᠠᠭ ᠯᠠ ᠬᠠᠷᠢᠯᠴᠠᠨ ᠬᠠᠵᠠᠵᠤ ᠪᠠᠶᠢᠬᠤ ᠰᠢᠭ᠋᠃ ᠯᠣᠣ ᠶᠢᠨ ᠪᠡᠶ᠎ᠡ ᠶᠢ  ᠬᠢᠯᠪᠠᠷᠴᠢᠯᠠᠨ ᠭᠤᠷᠬᠢ ᠶᠢᠨ ᠭᠠᠳᠠᠷ ᠬᠥᠪᠡᠭᠡ ᠶᠢ ᠪᠦᠷᠢᠯᠳᠦᠬᠦᠯᠵᠤ᠂ ᠭᠠᠳᠠᠷ ᠲᠠᠯ᠎ᠠ ᠶᠢᠨ ᠴᠢᠮᠡᠭᠯᠡᠯ ᠨᠢ ᠳᠡᠭᠡᠷ᠎ᠡ ᠳᠣᠣᠷ᠎ᠠ  ᠪᠠᠨ ᠰᠦᠯᠵᠢᠯᠳᠦᠭᠰᠡᠨ ᠬᠠᠶᠢᠷᠰᠤᠨ ᠬᠡ ᠲᠠᠢ᠂ ᠳᠥᠷᠪᠡᠯᠵᠢᠨ ᠪᠤᠶᠤ ᠱᠤᠪᠤᠭᠤᠷ᠂ ᠰᠡᠶᠢᠯᠦᠵᠤ ᠵᠢᠷᠤᠭᠰᠠᠨ ᠨᠢ ᠨᠠᠷᠢᠯᠢᠭ᠃ ᠭᠤᠷᠬᠢ ᠨᠢ ᠬᠡᠳᠦᠶᠢᠪᠡᠷ ᠵᠢᠵᠢᠭ ᠪᠣᠯᠪᠠᠴᠤ ᠨᠠᠷᠢᠯᠢᠭ ᠬᠢᠴᠡᠲᠡᠢ᠂ ᠬᠡ ᠤᠭᠠᠯᠵᠠ ᠨᠢ ᠠᠮᠢᠳᠤᠯᠢᠭ᠂ ᠣᠯᠳᠠᠰᠢ ᠦᠭᠡᠢ ᠬᠤᠪᠣᠷ ᠶᠤᠮ᠃  
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ