ᠠᠭᠠᠬᠢᠮ᠎ᠠ ᠬᠠᠯᠠᠭᠤᠨ ᠵᠤᠨ ᠤ ᠤᠯᠠᠷᠢᠯ ᠪᠤᠯᠬᠤ ᠳᠤ ᠤᠯᠠᠩᠬᠢ ᠬᠦᠮᠦᠨ ᠤ ᠢᠳᠡᠬᠡᠨ ᠤ ᠳᠤᠷᠠᠰᠢᠯ | ᠮᠠᠭᠤᠳᠠᠳᠠᠭ᠃ ᠬᠦᠮᠦᠨ ᠤ ᠢᠳᠡᠬᠡᠨ ᠤ ᠳᠤᠷᠠᠰᠢᠯ ᠢ ᠨᠦᠯᠦᠬᠡᠯᠡᠬᠦ ᠡᠯᠧᠮᠧᠨ᠋ᠲ ᠤᠯᠠᠨ ᠪᠠᠶᠢᠳᠠᠭ᠂ ᠡᠬᠦᠨ ᠳᠤ ᠪᠡᠶ᠎ᠡ | ᠶᠢᠨ ᠡᠯ᠎ᠡ ᠴᠤᠯᠤ ᠡᠷᠬᠡᠳᠡᠨ ᠤ ᠠᠵᠢᠯᠯᠠᠭ᠎ᠠ᠂ ᠤᠷᠴᠢᠨ ᠳᠤᠭᠤᠷᠢᠨ᠂ ᠳᠠᠨᠢᠨ ᠮᠡᠳᠡᠷᠡᠬᠦᠢ᠂ ᠰᠡᠳᠬᠢᠯᠬᠡ ᠶᠢᠨ | ᠡᠯᠧᠮᠧᠨ᠋ᠲ ᠵᠡᠷᠬᠡ ᠪᠠᠭᠳᠠᠨ᠎ᠠ᠃ ︽ᠬᠦᠮᠦᠨ ᠬᠤᠭᠤᠯᠠ ᠪᠠᠷ᠂ ᠬᠦᠯᠦᠭ ᠡᠪᠡᠰᠤ ᠪᠠᠷ︾ ᠬᠡᠳᠡᠭᠴᠢᠯᠡᠨ ᠢᠳᠡᠬᠡᠨ ᠤ | ᠳᠤᠷᠠᠰᠢᠯ ᠮᠠᠭᠤᠳᠠᠪᠠᠯ ᠬᠦᠮᠦᠨ ᠤ ᠪᠡᠶ᠎ᠡ ᠶᠢᠨ ᠡᠷᠡᠬᠦᠯ ᠮᠡᠨᠳᠤ ᠶᠢ ᠨᠦᠯᠦᠬᠡᠯᠡᠳᠡᠭ᠃ | ᠳᠡᠬᠡᠪᠡᠯ ᠵᠤᠨ ᠤ ᠤᠯᠠᠷᠢᠯ ᠳᠤ ᠢᠳᠡᠬᠡᠨ ᠤ ᠳᠤᠷᠠᠰᠢᠯ ᠢᠶᠠᠨ ᠬᠡᠷᠬᠢᠨ ᠰᠠᠶᠢᠵᠢᠷᠠᠭᠤᠯᠬᠤ ᠪᠤᠢ︖ | ᠢᠳᠡᠬᠡᠨ ᠤ ᠦᠩᠬᠡ ᠶᠢ ᠤᠷᠠᠨ ᠢᠶᠠᠷ ᠳᠤᠬᠢᠷᠠᠭᠤᠯᠤᠨ᠎ᠠ | ᠦᠩᠬᠡ ᠨᠢ ᠳᠡᠩᠴᠡᠭᠰᠡᠨ ᠢᠳᠡᠬᠡᠨ ᠤᠮᠳᠠᠭᠠᠨ ᠨᠢ ᠬᠠᠷᠠᠭᠠᠨ ᠰᠡᠷᠡᠯ ᠢ ᠪᠠᠶᠠᠰᠬᠠᠵᠤ᠂ ᠬᠦᠮᠦᠨ ᠤ ᠢᠳᠡᠬᠦ | ᠳᠤᠷᠠᠰᠢᠯ ᠢ ᠨᠡᠮᠡᠭᠳᠡᠬᠦᠯᠳᠡᠭ᠃ ᠰᠢᠨ᠎ᠡ ᠰᠤᠷᠭᠤᠭ ᠨᠤᠭᠤᠭᠠᠨ ᠨᠠᠪᠴᠢᠳᠤ ᠨᠤᠭᠤᠭ᠎ᠠ ᠨᠢ ᠬᠠᠯᠠᠭᠤᠨ ᠢ ᠳᠠᠶᠢᠯᠬᠤ | ᠤᠨᠴᠠ ᠦᠢᠯᠡᠳᠤᠯ ᠲᠠᠢ ᠪᠠᠶᠢᠳᠠᠭ᠃ ᠳᠤᠯᠠᠭᠠᠨ ᠦᠩᠬᠡ ᠶᠢᠨ ᠦᠩᠬᠡᠳᠤ ᠯᠠᠵᠤᠤ᠂ ᠲᠦᠪᠡᠳ ᠬᠠᠰᠢ᠂ | ᠬᠤᠯᠤᠤᠪᠠᠩ ᠨᠢ ᠬᠦᠮᠦᠰ ᠲᠤ ᠠᠮᠢᠵᠢᠷᠠᠯ ᠤᠨ ᠬᠦᠴᠦᠨ ᠪᠠ ᠪᠠᠶᠠᠷ ᠪᠠᠭ᠋ᠠᠳᠤᠯ ᠢ ᠲᠦᠷᠦᠭᠳᠡᠬᠦᠯᠵᠤ᠂ ᠢᠳᠡᠬᠡᠨ ᠤ | ᠳᠤᠷᠠᠰᠢᠯ ᠢ ᠨᠡᠮᠡᠭᠳᠡᠬᠦᠯᠳᠡᠭ᠃ ᠠᠮᠢᠳᠤᠷᠠᠯ ᠳᠤᠮᠳᠠ ᠪᠠᠨ ᠪᠠᠰᠠ ᠠᠯᠢ ᠴᠢᠳᠠᠬᠤ ᠪᠠᠷ ᠭᠤᠤᠯ ᠢᠳᠡᠬᠡᠨ ᠤ ᠲᠦᠷᠦᠯ | ᠵᠦᠢᠯ ᠢ ᠪᠠᠶᠠᠯᠢᠭᠵᠢᠭᠤᠯᠵᠤ᠂ ᠬᠠᠷ᠎ᠠ ᠪᠤᠳᠠᠭ᠎ᠠ᠂ ᠨᠠᠷᠢᠮᠤ᠂ ᠤᠯᠠᠭᠠᠨ ᠪᠤᠷᠴᠠᠭ᠂ ᠨᠤᠭᠤᠭᠠᠨ ᠪᠤᠷᠴᠠᠭ ᠵᠡᠷᠬᠡ ᠡᠯᠳᠡᠪ | ᠦᠩᠬᠡ ᠶᠢᠨ ᠨᠠᠷᠢᠮᠤ᠂ ᠲᠦᠮᠦᠰᠤ ᠶᠢᠨ ᠵᠦᠢᠯ ᠪᠠ ᠬᠤᠯᠢᠮᠠᠭ ᠪᠤᠷᠴᠠᠭ ᠤᠨ ᠵᠦᠢᠯ ᠢ ᠳᠤᠬᠢᠷᠠᠭᠤᠯᠤᠨ ᠢᠳᠡᠵᠤ | ᠪᠤᠯᠤᠨ᠎ᠠ᠃ | ᠪᠠᠶᠢᠭᠠᠯᠢᠯᠢᠭ ᠠᠮᠳᠠ ᠲᠠᠢ ᠬᠦᠨᠡᠰᠤᠨ ᠤ ᠮᠠᠲ᠋ᠧᠷᠢᠶᠠᠯ ᠢ ᠰᠤᠩᠭᠤᠭᠠᠷᠠᠢ | ᠵᠠᠷᠢᠮ ᠪᠠᠶᠢᠭᠠᠯᠢᠯᠢᠭ ᠬᠦᠨᠡᠰᠤᠨ ᠤ ᠮᠠᠲ᠋ᠧᠷᠢᠶᠠᠯ ᠨᠢ ᠰᠢᠬᠢᠷᠯᠢᠭ ᠪᠤᠶᠤ ᠱᠤᠷᠪᠤᠭ ᠠᠮᠳᠠ ᠲᠠᠢ ᠪᠠᠶᠢᠳᠠᠭ᠂ | ᠬᠤᠭᠤᠯᠠ ᠬᠢᠬᠦ ᠳᠤ ᠪᠠᠨ ᠳᠤᠬᠢᠷᠠᠭᠤᠯᠵᠤ ᠬᠡᠷᠡᠭᠯᠡᠪᠡᠯ ᠢᠳᠡᠬᠡᠨ ᠤᠮᠳᠠᠭᠠᠨ ᠢ ᠨᠡᠩ ᠠᠮᠳᠠᠳᠠᠢ ᠪᠤᠯᠭᠠᠳᠠᠭ᠃ | ᠵᠢᠱᠢᠶᠡᠯᠡᠪᠡᠯ ᠰᠢᠬᠢᠷᠯᠢᠭ ᠴᠠᠭᠠᠨ ᠨᠤᠭᠤᠭ᠎ᠠ᠂ ᠠᠮᠳᠠᠳᠤ ᠲᠦᠮᠦᠰᠤ᠂ ᠤᠯᠠᠭᠠᠨ ᠴᠢᠪᠠᠭ᠎ᠠ ᠵᠡᠷᠬᠡ ᠪᠠᠷ ᠰᠢᠩᠬᠡᠨ | ᠪᠤᠳᠠᠭ᠎ᠠ ᠴᠢᠨᠠᠵᠤ ᠢᠳᠡᠪᠡᠯ ᠰᠢᠬᠢᠷᠯᠢᠭ ᠮᠦᠷᠳᠡᠬᠡᠨ ᠰᠢᠮ᠎ᠡ ᠳᠡᠵᠢᠬᠡᠯ ᠲᠠᠢ ᠪᠠᠶᠢᠳᠠᠭ᠃ ᠳᠠᠯᠠᠢ ᠶᠢᠨ ᠭᠠᠷᠤᠯᠳᠠ᠂ | ᠮᠦᠬᠦ ᠶᠢᠨ ᠵᠦᠢᠯ ᠪᠠ ᠡᠯ᠎ᠡ ᠵᠦᠢᠯ ᠤᠨ ᠮᠢᠬᠠᠨ ᠤ ᠲᠦᠷᠦᠯ ᠨᠢ ᠰᠢᠨ᠎ᠡ ᠰᠤᠷᠭᠤᠭ ᠱᠤᠷᠪᠤᠭ ᠠᠮᠳᠠ ᠲᠠᠢ ᠪᠤᠯᠬᠤᠷ | ᠢᠳᠡᠬᠡᠨ ᠤ ᠳᠤᠷᠠᠰᠢᠯ ᠢ ᠨᠡᠮᠡᠭᠳᠡᠬᠦᠯᠬᠦ ᠦᠢᠯᠡᠳᠤᠯ ᠲᠠᠢ᠃ ᠡᠬᠦᠨ ᠠᠴᠠ ᠭᠠᠳᠠᠨ᠎ᠠ ᠪᠠᠰᠠ ᠦᠪᠡᠷᠮᠢᠴᠡ ᠦᠨᠦᠷ ᠲᠠᠢ | ᠰᠤᠩᠬᠢᠨ᠎ᠠ᠂ ᠭᠠ᠂ ᠰᠠᠷᠢᠮᠰᠠᠭ᠂ ᠦᠨᠦᠷᠳᠤ ᠨᠤᠭᠤᠭ᠎ᠠ ᠵᠡᠷᠬᠡ ᠪᠠᠶᠢᠭᠠᠯᠢᠯᠢᠭ ᠬᠦᠨᠡᠰᠤᠨ ᠤ ᠮᠠᠲ᠋ᠧᠷᠢᠶᠠᠯ ᠪᠤᠯᠤᠨ | ᠠᠮᠳᠠ ᠤᠷᠤᠭᠤᠯᠬᠤ ᠡᠳ᠋ ᠢᠶᠠᠷ ᠬᠤᠭᠤᠯᠠᠨ ᠤ ᠪᠠᠨ ᠠᠮᠳᠠ ᠶᠢ ᠨᠡᠮᠡᠭᠳᠡᠬᠦᠯᠵᠤ ᠪᠤᠯᠤᠨ᠎ᠠ᠃ | | | |