ᠦᠶᠡᠷ ᠤᠨ ᠭᠠᠮᠰᠢᠭ ᠢ ᠬᠡᠷᠬᠢᠨ ᠠᠷᠭᠠᠴᠠᠭᠠᠬᠤ ᠳᠤᠬᠠᠢ
ᠨᠡᠶᠢᠲᠡᠯᠡᠭᠰᠡᠨ ᠴᠠᠭ᠄
2024/8/5
      ᠦᠶᠡᠷ ᠤᠨ ᠭᠠᠮᠰᠢᠭ ᠳᠠᠭᠠᠷᠠᠯᠳᠤᠬᠤ ᠦᠶᠡᠰ       ᠦᠢᠷ᠎ᠠ ᠬᠠᠪᠢ ᠶᠢᠨ ᠠᠮᠤᠷ ᠲᠦᠪᠰᠢᠨ ᠵᠠᠮ ᠢ ᠰᠤᠩᠭᠤᠵᠤ ᠬᠦᠳᠦᠯ ᠤᠨ ᠬᠦᠨᠳᠡᠯᠡᠨ ᠴᠢᠭᠯᠡᠯ ᠢ ᠳᠠᠭᠠᠵᠤ ᠠᠶᠤᠯ ᠠᠴᠠ ᠵᠠᠶᠢᠯᠠᠨ᠎ᠠ᠃       ᠠᠭᠤᠯᠠ ᠶᠢᠨ ᠬᠦᠳᠦᠯ ᠢᠶᠠᠷ ᠳᠤᠷᠤᠭᠰᠢ ᠪᠤᠶᠤ ᠠᠭᠤᠯᠠᠨ ᠤ ᠵᠢᠯᠠᠭ᠎ᠠ ᠶᠢ ᠳᠠᠭᠠᠵᠤ ᠳᠤᠤᠷᠠᠳᠤ ᠤᠷᠤᠰᠬᠠᠯ ᠵᠦᠭ ᠶᠠᠪᠤᠵᠤ ᠪᠤᠯᠬᠤ ᠦᠬᠡᠢ᠃       ᠤᠰᠤᠨ ᠠᠴᠠ ᠬᠤᠯᠠ ᠪᠠᠶᠢᠵᠤ᠂ ᠠᠭᠤᠯᠠᠨ ᠤ ᠦᠶᠡᠷ ᠲᠤ ᠳᠠᠭᠤᠭᠳᠠᠬᠤ ᠠᠴᠠ ᠰᠷᠬᠡᠶᠢᠯᠡᠬᠡᠷᠡᠢ᠃       ᠬᠤᠳᠤᠭᠤᠷ ᠭᠠᠵᠠᠷ ᠪᠤᠶᠤ ᠮᠤᠳᠤᠨ ᠬᠡᠷ ᠲᠤ ᠬᠤᠷᠢᠭᠳᠠᠬᠤ ᠦᠶᠡᠰ       ᠴᠢᠮᠡᠭᠡ ᠨᠡᠪᠳᠡᠷᠡᠬᠦᠯᠬᠡ ᠶᠢᠨ ᠪᠠᠭᠠᠵᠢ ᠶᠢ ᠠᠰᠢᠭᠯᠠᠨ ᠳᠤᠬᠠᠢ ᠶᠢᠨ ᠭᠠᠵᠠᠷ ᠤᠨ ᠦᠶᠡᠷ ᠢ ᠰᠡᠷᠬᠡᠶᠢᠯᠡᠬᠦ ᠰᠠᠯᠠᠭ᠎ᠠ ᠮᠦᠴᠢᠷ ᠲᠤ ᠠᠶᠤᠯ ᠳᠤ ᠳᠤᠯᠭᠠᠷᠠᠭᠰᠠᠨ ᠪᠠᠶᠢᠳᠠᠯ ᠢᠶᠠᠨ ᠮᠡᠳᠡᠬᠦᠯᠵᠤ᠂ ᠳᠤᠰᠠᠯᠠᠮᠵᠢ ᠬᠦᠰᠡᠨ᠎ᠡ᠃       ᠬᠤᠪᠴᠠᠰᠤ ᠬᠤᠨᠠᠷ ᠢᠶᠠᠨ ᠨᠠᠭᠠᠰᠢ ᠴᠠᠭᠠᠰᠢ ᠡᠷᠬᠢᠬᠦᠯᠦᠨ᠂ ᠠᠪᠤᠷᠠᠨ ᠳᠤᠰᠠᠯᠠᠬᠤ ᠬᠦᠮᠦᠰ ᠲᠤ ᠮᠡᠳᠡᠭᠳᠡᠨ᠎ᠡ᠃       ᠨᠦᠬᠦᠴᠡᠯ ᠲᠠᠢ ᠪᠠᠶᠢᠳᠠᠯ ᠳᠤᠤᠷ᠎ᠠ ᠤᠩᠭᠤᠴᠠ ᠰᠠᠯ᠂ ᠮᠤᠳᠤᠨ ᠰᠠᠯᠠᠭ᠎ᠠ᠂ ᠡᠬᠦᠳᠡᠨ ᠬᠠᠪᠳᠠᠰᠤ ᠵᠡᠷᠬᠡ ᠬᠦᠪᠦᠮᠡᠯ ᠪᠤᠳᠠᠰ ᠢ ᠠᠰᠢᠭᠯᠠᠵᠤ ᠠᠶᠤᠯ ᠠᠴᠠ ᠵᠠᠶᠢᠯᠠᠵᠤ ᠪᠤᠯᠤᠨ᠎ᠠ᠃       ᠴᠠᠬᠢᠯᠭᠠᠨ ᠤᠳᠠᠰᠤ ᠤᠨᠵᠠᠶᠢᠬᠤ ᠪᠤᠶᠤ ᠳᠠᠰᠤᠷᠠᠬᠤ ᠦᠶᠡᠰ       ᠦᠨᠳᠤᠷ ᠬᠦᠴᠦᠳᠡᠯᠳᠤ ᠴᠠᠬᠢᠯᠭᠠᠨ ᠤᠳᠠᠰᠤᠨ ᠪᠠᠭᠠᠨ᠎ᠠ ᠬᠠᠵᠠᠶᠢᠬᠤ᠂ ᠳᠠᠰᠤᠷᠠᠵᠤ ᠤᠨᠵᠠᠶᠢᠭᠰᠠᠨ ᠪᠠᠶᠢᠪᠠᠯ ᠬᠤᠯᠠ ᠵᠠᠶᠢᠯᠠᠵᠤ ᠳᠡᠮᠳᠡᠷᠡᠬᠦ ᠪᠤᠶᠤ ᠦᠢᠷᠠᠳᠴᠤ ᠪᠤᠯᠬᠤ ᠦᠬᠡᠢ᠃ ᠴᠠᠬᠢᠯᠭᠠᠨ ᠳᠤ ᠴᠤᠬᠢᠭᠳᠠᠬᠤ ᠠᠴᠠ ᠰᠡᠷᠬᠡᠶᠢᠯᠡᠬᠦ ᠬᠡᠷᠡᠭᠳᠡᠢ᠃       ᠮᠠᠰᠢᠨ ᠳᠡᠷᠬᠡ ᠵᠢᠯᠤᠭᠤᠳᠴᠤ ᠪᠠᠶᠢᠭᠠᠳ ᠬᠦᠨ ᠤᠰᠤᠨ ᠳᠤ ᠤᠷᠤᠪᠠᠯ ᠬᠡᠷᠬᠢᠨ ᠠᠮᠢ ᠵᠢᠭᠤᠳᠠᠬᠤ ᠪᠤᠢ       ᠤᠰᠤ ᠳᠡᠷᠬᠡᠨ ᠤ ᠡᠬᠦᠳᠡᠨ ᠤ1/5 ᠶᠢᠨ ᠬᠡᠮᠵᠢᠶᠡᠨ ᠳᠤ ᠬᠦᠷᠦᠭᠰᠡᠨ ᠪᠠᠶᠢᠳᠠᠯ ᠳᠤ ᠳᠡᠷᠬᠡᠨ ᠳᠤᠳᠤᠷ᠎ᠠ ᠠᠷᠠᠢ ᠤᠰᠤ ᠤᠷᠤᠵᠤ ᠠᠮᠵᠢᠭ᠎ᠠ ᠦᠬᠡᠢ ᠳᠤᠯᠠ ᠡᠬᠦᠳᠡ ᠨᠢ ᠠᠮᠠᠷᠬᠠᠨ ᠨᠡᠬᠡᠭᠳᠡᠵᠤ ᠵᠢᠭᠤᠳᠠᠬᠤ ᠬᠠᠮᠤᠭ ᠤᠨ ᠰᠠᠶᠢᠨ ᠴᠠᠭ᠃       ᠤᠰᠤ ᠳᠡᠷᠬᠡᠨ ᠤ ᠡᠬᠦᠳᠡᠨ ᠤ 1/2 ᠶᠢᠨ ᠬᠡᠮᠵᠢᠶᠡᠨ ᠳᠤ ᠬᠦᠷᠦᠭᠰᠡᠨ ᠪᠠᠶᠢᠳᠠᠯ ᠳᠤ ᠭᠠᠳᠠᠨ᠎ᠠ ᠠᠴᠠ ᠦᠭᠬᠦ ᠳᠠᠷᠤᠯᠳᠠ ᠨᠢ ᠳᠠᠰᠤᠷᠠᠯᠳᠠ ᠦᠬᠡᠢ ᠨᠡᠮᠡᠭᠳᠡᠵᠤ ᠳᠡᠷᠬᠡᠨ ᠤ ᠡᠬᠦᠳᠡ ᠶᠢ ᠬᠦᠴᠦᠳᠡᠢ ᠲᠦᠯᠬᠢᠬᠦ ᠦᠬᠡᠢ ᠪᠤᠯ ᠵᠢᠭᠤᠳᠠᠵᠤ ᠴᠢᠳᠠᠬᠤ ᠦᠬᠡᠢ᠃       ᠪᠦᠷᠢᠮᠦᠰᠦᠨ ᠵᠢᠪᠦᠭᠰᠡᠨ ᠪᠤᠯ ᠳᠡᠷᠬᠡᠨ ᠤ ᠡᠬᠦᠳᠡ ᠨᠡᠬᠡᠬᠡᠭᠳᠡᠬᠦ ᠪᠤᠯᠤᠮᠵᠢ ᠦᠬᠡᠢ ᠤᠴᠢᠷ ᠠᠴᠠ ᠴᠤᠩᠬᠤ  ᠪᠠᠨ ᠬᠠᠭᠠᠯᠤᠭᠠᠳ ᠵᠢᠭᠤᠳᠠᠭᠠᠷᠠᠢ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ