ᠹᠦ᠋ ᠶᠢᠨ ᠬᠠᠯᠠᠭᠤᠨ ᠳᠤ ᠪᠡᠶ᠎ᠡ ᠪᠠᠨ ᠰᠤᠪᠢᠯᠠᠬᠤ ᠳᠤ ᠶᠠᠭᠤ ᠶᠢ ᠠᠩᠬᠠᠷᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2024/8/4
      ᠪᠦᠭᠴᠢᠮ ᠬᠠᠯᠠᠭᠤᠨ ᠠᠭᠤᠷ ᠠᠮᠢᠰᠬᠤᠯ ᠳᠤ ᠠᠭᠠᠷ ᠤᠨ ᠴᠢᠬᠢᠭᠳᠦᠴᠡ ᠦᠨᠳᠤᠷᠵᠢᠨ᠂ ᠬᠦᠴᠢᠯᠳᠦ᠋ᠷᠦᠭᠴᠢ  ᠶᠢᠨ ᠬᠡᠮᠵᠢᠶ᠎ᠡ ᠪᠠᠭᠤᠷᠠᠬᠤ ᠠᠴᠠ ᠪᠤᠯᠵᠤ᠂ ᠨᠠᠰᠤᠳᠠᠶᠢᠴᠤᠳ᠂ ᠬᠡᠤᠬᠡᠳ ᠪᠤᠶᠤ ᠳᠠᠮᠢᠷ ᠠᠨᠠᠢ ᠬᠦᠮᠦᠰ ᠠᠮᠠᠷᠬᠠᠨ ᠳᠤᠯᠤᠭᠠᠢ ᠡᠷᠬᠢᠬᠦ᠂ ᠵᠢᠷᠦᠬᠡ ᠲᠦᠭᠰᠢᠬᠦ᠂ ᠴᠡᠬᠡᠵᠢ ᠪᠦᠭᠯᠡᠷᠡᠬᠦ᠂ ᠶᠡᠭᠡ ᠬᠡᠮᠵᠢᠶᠡᠨ ᠤ ᠬᠦᠯᠦᠰᠤ ᠭᠠᠷᠬᠤ ᠵᠡᠷᠬᠡ ᠰᠢᠨᠵᠢ ᠳᠡᠮᠳᠡᠭ ᠢᠯᠡᠷᠡᠵᠤ ᠮᠡᠳᠡᠨ᠎ᠡ᠃       ᠪᠦᠭᠴᠢᠮ ᠬᠠᠯᠠᠭᠤᠨ ᠡᠳᠤᠷ ᠠᠵᠢᠯ ᠤᠨ ᠪᠠᠶᠢᠷᠢᠨ ᠳᠤ ᠪᠠᠶᠢᠭ᠎ᠠ ᠬᠦᠮᠦᠰ ᠶᠠᠭᠤ ᠶᠢ ᠠᠩᠬᠠᠷᠬᠤ ᠴᠢᠬᠤᠯᠠᠳᠠᠢ ᠪᠤᠢ︖       ᠬᠠᠯᠠᠭᠤᠨ ᠠᠴᠠ ᠰᠡᠷᠬᠡᠶᠢᠯᠡᠵᠤ ᠨᠠᠷᠠᠰᠢᠬᠤ ᠶᠢ ᠬᠢᠴᠢᠶᠡᠬᠦ ᠬᠡᠷᠡᠭᠳᠡᠢ᠃ ᠠᠵᠢᠯ ᠳᠤ ᠭᠠᠷᠬᠤ ᠪᠠ ᠠᠵᠢᠯ ᠠᠴᠠ ᠪᠠᠭᠤᠬᠤ ᠵᠠᠮ ᠳᠤ ᠪᠠᠨ ᠨᠠᠷᠠᠨ ᠳᠤ ᠰᠢᠷᠬᠠᠳᠠᠬᠤ ᠠᠴᠠ ᠰᠡᠷᠬᠡᠶᠢᠯᠡᠵᠤ᠂ ᠰᠢᠬᠦᠷ᠂ ᠨᠠᠷᠠᠨ ᠮᠠᠯᠠᠭᠠᠢ ᠪᠠ ᠨᠠᠷᠠᠨ ᠰᠢᠯ ᠵᠡᠷᠬᠡ ᠶᠢ ᠬᠡᠷᠡᠭᠯᠡᠵᠤ ᠪᠤᠯᠤᠨ᠎ᠠ᠃ ᠠᠵᠢᠯ ᠤᠨ ᠴᠠᠭ ᠢᠶᠠᠨ ᠵᠤᠬᠢᠰᠳᠠᠢ ᠳᠤᠬᠢᠷᠠᠭᠤᠯᠵᠤ᠂ ᠦᠳᠡ ᠶᠢᠨ 12 ᠴᠠᠭ  ᠠᠴᠠ ᠦᠳᠡ ᠶᠢᠨ ᠬᠤᠶᠢᠨᠠᠬᠢ 3 ᠴᠠᠭ ᠲᠤ ᠭᠠᠳᠠᠭᠰᠢ ᠭᠠᠷᠬᠤ ᠦᠬᠡᠢ ᠪᠤᠯ ᠰᠠᠶᠢᠨ᠃       ᠬᠤᠭᠤᠯᠠ ᠤᠮᠳᠠ ᠶᠢᠨ ᠰᠢᠮ᠎ᠡ ᠳᠡᠵᠢᠬᠡᠯ ᠢ ᠳᠡᠩᠴᠡᠬᠦᠯᠵᠤ ᠳᠤᠭᠳᠠᠭᠰᠠᠨ ᠴᠠᠭ ᠲᠠᠢ ᠠᠮᠠᠷᠠᠬᠤ ᠬᠡᠷᠡᠭᠳᠡᠢ᠃ ᠢᠳᠡᠬᠡᠨ ᠤᠮᠳᠠᠭᠠᠨ ᠤ ᠳᠠᠯ᠎ᠠ ᠪᠠᠷ ᠭᠤᠱᠤᠭᠤᠨ ᠰᠡᠳᠡᠯᠳᠡ ᠲᠠᠢ᠂ ᠰᠢᠬᠢᠷᠯᠢᠭ᠂ ᠳᠤᠰᠤᠯᠢᠭ ᠢᠳᠡᠬᠡᠨ ᠢ ᠪᠠᠭ᠎ᠠ ᠢᠳᠡᠨ᠎ᠡ᠃ ᠰᠢᠨ᠎ᠡ ᠰᠤᠷᠭᠤᠭ ᠵᠢᠭᠠᠰᠤ᠂ ᠰᠠᠮ ᠬᠤᠷᠤᠬᠠᠢ᠂ ᠳᠠᠬᠢᠶᠠᠨ ᠮᠢᠬ᠎ᠠ᠂ ᠭᠤᠸᠠ ᠵᠢᠮᠢᠰ᠂ ᠢᠳᠡᠰᠢᠨ ᠨᠤᠭᠤᠭ᠎ᠠ ᠵᠡᠷᠬᠡ ᠶᠢ ᠰᠤᠩᠭᠤᠵᠤ ᠢᠳᠡᠪᠡᠯ ᠵᠤᠬᠢᠨ᠎ᠠ᠃       ᠳᠠᠶᠢᠪᠤᠩ ᠳᠤᠭᠳᠠᠭᠤᠨ ᠤᠷᠮ᠎ᠠ ᠰᠡᠳᠬᠢᠯᠬᠡ ᠶᠢ ᠪᠠᠳᠤᠯᠠᠬᠤ ᠬᠡᠷᠡᠭᠳᠡᠢ᠃ ᠠᠭᠤᠷ ᠠᠮᠢᠰᠬᠤᠯ ᠬᠠᠯᠠᠭᠤᠨ ᠪᠤᠯᠬᠤ ᠳᠤᠳᠤᠮ ᠬᠦᠮᠦᠰ ᠰᠡᠳᠬᠢᠯ ᠰᠠᠨᠠᠭ᠎ᠠ ᠪᠠᠨ ᠳᠠᠶᠢᠪᠤᠩ ᠪᠠᠶᠢᠯᠭᠠᠵᠤ᠂ ᠠᠵᠢᠯ ᠠᠮᠢᠳᠤᠷᠠᠯ ᠤᠨ ᠳᠤᠮᠳᠠ ᠪᠠᠨ ᠪᠤᠬᠢᠨᠢᠳᠤᠬᠤ ᠦᠬᠡᠢ᠂ ᠤᠷᠮ᠎ᠠ ᠰᠡᠳᠬᠢᠯᠬᠡ ᠪᠠᠨ ᠳᠠᠶᠢᠪᠤᠩ ᠳᠤᠭᠳᠠᠭᠤᠨ ᠪᠠᠶᠢᠯᠭᠠᠪᠠᠯ ᠵᠤᠬᠢᠨ᠎ᠠ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ