| ᠶᠧ ᠵᠢᠶᠠᠨ ᠶᠢᠩ ᠮᠠᠷᠱᠠᠯ ᠤᠨ ᠥᠬᠢᠨ ᠶᠧ ᠰᠢᠶᠠᠩ ᠵᠧᠨ ᠨᠢ ᠪᠢᠴᠢᠭ ᠦᠵᠡᠵᠦ ᠪᠠᠶᠢᠬᠤ ᠳᠤ᠂ ᠰᠤᠷᠭᠠᠭᠤᠯᠢ ᠨᠢ ᠬᠡᠷ ᠠᠴᠠ ᠨᠢ ᠬᠤᠯᠠ ᠪᠦᠭᠡᠳ ᠵᠠᠮ | ᠬᠠᠷᠢᠯᠴᠠᠭ᠎ᠠ ᠮᠠᠰᠢ ᠳᠥᠭᠦᠮ ᠦᠭᠡᠢ ᠪᠠᠶᠢᠪᠠ᠃ ᠰᠢᠶᠠᠩ ᠵᠧᠨ ᠭᠠᠷᠠᠭ ᠤᠨ ᠰᠡᠭᠦᠯᠴᠢ ᠪᠠᠷ ᠭᠡᠷ ᠲᠤ ᠪᠠᠨ ᠬᠠᠷᠢᠬᠤ ᠪᠤᠯᠭᠠᠨ ᠵᠥᠪᠬᠡᠨ ᠨᠢᠭᠡᠯᠡ ᠡᠷᠡᠨ ᠤ ᠦᠳᠡ ᠶᠢᠨ | ᠬᠤᠭᠤᠯᠠ ᠢᠳᠡᠭᠡᠳ ᠳᠠᠬᠢᠨ ᠭᠤᠷᠪᠠ ᠤᠳᠠᠭ᠎ᠠ ᠲᠡᠷᠭᠡ ᠰᠤᠯᠢᠵᠤ ᠰᠤᠷᠭᠠᠭᠤᠯᠢ ᠳᠤ ᠪᠠᠨ ᠪᠤᠴᠠᠳᠠᠭ ᠪᠠᠶᠢᠯ᠎ᠠ᠃ | ᠠᠭᠠᠭᠢᠮ᠎ᠠ ᠬᠠᠯᠠᠭᠤᠨ ᠵᠤᠨ ᠤ ᠨᠢᠭᠡᠨ ᠡᠳᠦᠷ᠂ ᠰᠢᠶᠠᠩ ᠵᠧᠨ ᠨᠠᠶᠢᠳᠠ ᠶᠢᠨ ᠮᠠᠰᠢᠨ ᠲᠡᠷᠬᠡᠨ ᠳᠤ ᠰᠢᠬᠠᠯᠳᠤᠨ ᠭᠤᠷᠪᠠᠨ ᠴᠠᠭ ᠵᠠᠷᠤᠴᠠᠭᠤᠯᠤᠭᠠᠳ ᠠᠷᠠᠢ | ᠴᠢᠷᠠᠢ ᠭᠡᠷ ᠲᠤ ᠪᠠᠨ ᠬᠦᠷᠴᠡᠢ᠃ ᠲᠡᠷᠡ ᠠᠪᠤ ᠠᠴᠠ ᠪᠠᠨ᠄ ︽ᠡᠳᠦᠷ ᠡᠶᠢᠮᠦ ᠬᠠᠯᠠᠭᠤᠨ ᠪᠠᠶᠢᠳᠠᠯ᠎ᠠ ᠶᠠᠭᠠᠬᠢᠭᠠᠳ ᠲᠡᠷᠭᠡ ᠲᠣᠮᠢᠯᠠᠨ ᠨᠠᠮ᠎ᠠ ᠶᠢ ᠲᠤᠰᠴᠤ ᠬᠦᠷᠭᠡᠵᠦ | ᠪᠣᠯᠬᠤ ᠦᠭᠡᠢ ᠪᠤᠢ︖︾ ᠭᠡᠵᠦ ᠠᠰᠠᠭᠤᠪᠠ᠃ ᠶᠧ ᠮᠠᠷᠱᠠᠯ ᠰᠣᠨᠣᠰᠤᠭᠠᠳ᠄ ︽ᠠᠷᠠᠳ ᠤᠯᠠᠨ ᠨᠠᠶᠢᠳᠠ ᠶᠢᠨ ᠮᠠᠰᠢᠨ ᠲᠡᠷᠬᠡᠨ ᠳᠤ ᠰᠠᠭᠤᠵᠤ ᠨᠠᠭᠠᠰᠢ ᠴᠠᠭᠠᠰᠢ | ᠶᠠᠪᠤᠵᠤ ᠪᠣᠯᠵᠤ ᠪᠠᠶᠢᠳᠠᠯ᠎ᠠ ᠴᠢ ᠰᠠᠭᠤᠵᠤ ᠪᠣᠯᠬᠤ ᠦᠬᠡᠢ ᠤᠤ︖ ᠲᠡᠷᠭᠡ ᠪᠣᠯ ᠠᠯᠪᠠᠨ ᠠᠴᠠ ᠨᠠᠳᠠ ᠳᠤ ᠲᠣᠬᠢᠷᠠᠭᠤᠯᠵᠤ ᠦᠭᠬᠦᠭᠰᠡᠨ ᠪᠤᠯᠬᠤᠷ ᠠᠷᠠᠳ ᠲᠦᠮᠡᠨ ᠤ | ᠲᠥᠯᠥᠭᠡ ᠠᠵᠢᠯ ᠬᠢᠬᠦ ᠳᠤ ᠯᠠ ᠰᠠᠶ᠋ᠢ ᠬᠡᠷᠡᠭᠯᠡᠵᠤ ᠪᠤᠯᠤᠨ᠎ᠠ᠂ ᠲᠠᠨᠤᠰ ᠢ ᠲᠤᠰᠬᠤ ᠶᠢᠨ ᠲᠥᠯᠥᠭᠡ ᠪᠢᠰᠢ︕︾ ᠭᠡᠵᠦ ᠬᠠᠳᠠᠭᠤ ᠪᠠᠷ ᠰᠢᠬᠦᠮᠵᠢᠯᠡᠨ ᠬᠡᠯᠡᠵᠡᠢ᠃ | ᠲᠡᠬᠦᠨ ᠠᠴᠠ ᠬᠤᠶᠢᠰᠢ᠂ ᠶᠧ ᠰᠢᠶᠠᠩ ᠵᠧᠨ ᠠᠪᠤ ᠶᠢᠨ ᠢᠶᠠᠨ ᠰᠤᠷᠭᠠᠯ ᠢ ᠪᠠᠳᠤ ᠴᠡᠭᠡᠵᠢᠯᠡᠵᠦ ᠶᠠᠭᠠᠬᠢᠭᠰᠡᠨ ᠴᠦ ᠣᠨᠴᠠᠭᠠᠢᠷᠠᠵᠤ ᠪᠣᠯᠬᠤ ᠦᠭᠡᠢ ᠬᠡᠳᠡᠭ ᠢ | ᠮᠡᠳᠡᠵᠡᠢ᠃ | |