ᠯᠣᠣ ᠶᠢᠨ ᠳᠤᠯᠤᠭᠠᠢ ᠲᠠᠢ ᠬᠦᠷᠡᠯ ᠴᠢᠨᠵᠡᠯ
ᠨᠡᠶᠢᠲᠡᠯᠡᠭᠰᠡᠨ ᠴᠠᠭ᠄
2024/8/27
     ᠮᠠᠨ ᠤ ᠤᠯᠤᠰ ᠤᠨ ᠡᠷᠲᠡᠨ ᠤ ᠦᠶ᠎ᠡ ᠳᠤ ᠬᠤᠭᠤᠯᠠ ᠢᠳᠡᠬᠦ ᠦᠶ᠎ᠡ ᠳᠤ ᠬᠡᠷᠡᠭᠯᠡᠵᠦ ᠪᠠᠶᠢᠭᠰᠠᠨ ᠬᠠᠯᠪᠠᠭ᠎ᠠ᠂ ᠰᠡᠷᠡᠭᠡ ᠶᠢᠨ ᠦᠢᠯᠡᠳᠦᠯ ᠲᠠᠢ ᠬᠠᠪᠲᠠᠭᠠᠢ ᠤᠷᠲᠤᠯᠵᠢᠨ ᠬᠡᠯᠪᠡᠷᠢ ᠲᠠᠢ ᠢᠳᠡᠭᠡᠨ ᠤ ᠬᠡᠷᠡᠭᠰᠡᠯ ᠢ ᠴᠢᠨᠵᠠᠯ ᠬᠡᠳᠡᠭ᠃ ᠪᠠᠶᠢᠯᠳᠤᠭᠠᠨᠲᠤ ᠤᠯᠤᠰ ᠤᠨ ᠦᠶ᠎ᠡ ᠶᠢᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 475 ᠣᠨ — ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 221 ᠣᠨ︶ ᠯᠣᠣ ᠶᠢᠨ ᠳᠤᠯᠤᠭᠠᠢ ᠲᠠᠢ ᠬᠦᠷᠡᠯ ᠴᠢᠨᠵᠡᠯ ᠢ ᠣᠷᠳᠣᠰ ᠠᠴᠠ ᠤᠯᠵᠠᠢ᠃ ᠤᠷᠳᠤ  ᠨᠢ 24 ᠰᠡᠨᠲ᠋ᠢᠮᠧᠲᠷ᠂ ᠦᠷᠬᠡᠨ ᠨᠢ 2.3 ᠰᠡᠨᠲ᠋ᠢᠮᠧᠲᠷ᠃ ᠡᠨᠡ ᠬᠦ ᠯᠣᠣ ᠶᠢᠨ ᠲᠣᠯᠣᠭᠠᠢ ᠲᠠᠢ ᠴᠢᠨᠵᠠᠯ ᠨᠢ ᠪᠦᠬᠦᠯᠢ ᠴᠣᠭᠴᠠ ᠨᠢ ᠨᠠᠷᠢᠨ ᠣᠷᠳᠣ᠂ ᠪᠠᠷᠢᠭᠤᠯ ᠤᠨ ᠦᠵᠦᠭᠦᠷ ᠢᠶᠠᠷ ᠨᠢ ᠪᠥᠭᠡᠷᠡᠩᠬᠡᠢ ᠰᠡᠶᠢᠯᠦᠮᠡᠯ ᠯᠣᠣ ᠶᠢᠨ ᠲᠣᠯᠣᠭᠠᠢ ᠶᠢᠨ ᠬᠡᠯᠪᠡᠷᠢ ᠲᠠᠢ᠂ ᠬᠤᠶᠠᠷ ᠲᠠᠯ᠎ᠠ ᠪᠠᠷ ᠨᠢ ᠴᠠᠭᠠᠷᠢᠭ ᠴᠢᠮᠡᠭᠯᠡᠯ ᠲᠠᠢ᠂ ᠵᠠᠷᠢᠮ ᠨᠢ ᠨᠢᠭᠡᠨᠲᠡ ᠳᠤᠲᠠᠭᠤ ᠲᠣᠷᠭᠤᠨ ᠪᠣᠯᠵᠠᠢ᠃ ᠡᠨᠡ ᠲᠥᠷᠥᠯ ᠤᠨ ᠰᠠᠪᠠ ᠬᠡᠷᠡᠭᠰᠡᠯ ᠤᠨ ᠢᠷ ᠨᠢ ᠲᠡᠶᠢᠮᠦ ᠬᠤᠷᠴᠠ ᠪᠢᠰᠢ᠂ ᠵᠠᠷᠢᠮ ᠨᠢ ᠪᠠᠰᠠ ᠮᠠᠰᠢ ᠮᠤᠬᠤᠭᠤ ᠲᠤᠯᠠ ᠬᠡᠷᠴᠢᠨ ᠣᠭᠲᠣᠯᠬᠤ ᠳᠤ ᠲᠣᠬᠢᠷᠠᠮᠵᠢ ᠦᠭᠡᠢ᠂ ᠡᠩ ᠤᠨ ᠡᠳᠦᠷ ᠲᠤᠲᠤᠮ ᠤᠨ ᠠᠮᠢᠳᠤᠷᠠᠯ ᠤᠨ ᠬᠡᠷᠡᠭᠰᠡᠯ ᠪᠢᠰᠢ ᠭᠡᠳᠡᠭ ᠨᠢ ᠢᠯᠡᠷᠬᠡᠢ᠃ 
龙首青铜匕.png
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ