ᠬᠠᠭᠤᠷᠤᠭᠰᠡᠨ ᠢᠰᠬᠦᠯᠡᠩ ᠠᠭᠰᠢᠮᠠᠯ ᠪᠤᠳᠠᠭ᠎ᠠ  炒酸粥
ᠨᠡᠶᠢᠲᠡᠯᠡᠭᠰᠡᠨ ᠴᠠᠭ᠄
2024/8/18
2.1.jpg   
    ᠢᠰᠬᠦᠯᠡᠩ ᠰᠢᠩᠬᠡᠨ ᠪᠤᠳᠠᠭᠠᠨ ᠤ ᠬᠢᠬᠦ ᠶᠠᠪᠤᠴᠠ ᠨᠢ ᠴᠦ ᠮᠠᠰᠢ ᠳᠥᠭᠦᠮᠬᠡᠨ᠃  ᠪᠤᠳᠠᠩ ᠪᠤᠶᠤ ᠶᠡᠭᠡ ᠠᠮᠠᠰᠠᠷ ᠲᠠᠢ ᠯᠤᠩᠬᠤᠨ ᠳᠤ ᠲᠤᠳᠤᠷᠭ᠎ᠠ ︵ᠨᠠᠷᠢᠮᠦ᠂ ᠰᠢᠯᠦᠬᠡᠢ︶ ᠶᠢᠨ ᠰᠦᠮᠦᠰᠦ ᠶᠢ ᠬᠢᠵᠤ᠂  ᠪᠠᠰᠠ ᠰᠢᠷ᠎ᠠ ᠪᠤᠳᠠᠭ᠎ᠠ᠂ ᠡᠷᠳᠡᠨᠢ ᠰᠢᠰᠢ ᠶᠢᠨ ᠬᠡᠮᠬᠡᠳᠡᠭ ᠬᠢᠵᠤ ᠢᠰᠬᠡᠨ᠎ᠠ᠃ ᠳᠠᠷᠠᠭ᠎ᠠ ᠨᠢ ᠢᠰᠦᠭᠰᠡᠨ ᠠᠮᠦ ᠪᠠᠨ ᠰᠦᠮᠦᠰᠦ ᠲᠠᠢ ᠨᠢ ᠬᠠᠮᠳᠤ ᠲᠣᠭᠤᠭᠠᠨ ᠳᠤ ᠬᠢᠬᠡᠳ᠂ ᠵᠤᠬᠢᠬᠤ ᠬᠡᠮᠵᠢᠶᠠᠨ ᠤ ᠲᠦᠮᠦᠰᠦ ︵ᠬᠤᠪᠢ ᠬᠦᠮᠦᠨ ᠤ ᠲᠤᠷ᠎ᠠ ᠪᠠᠨ ᠦᠨᠳᠦᠰᠦᠯᠡᠨ ᠤᠯᠠᠨ ᠴᠦᠬᠡᠨ ᠢ ᠲᠤᠬᠢᠷᠠᠭᠤᠯᠤᠨ᠎ᠠ︶ ᠬᠢᠵᠤ ᠪᠤᠴᠠᠯᠭᠠᠨ᠎ᠠ᠃ ᠠᠮᠦ ᠪᠠ ᠲᠦᠮᠦᠰᠦ ︵ᠪᠤᠯᠤᠭᠰᠡᠨ ᠤ ᠲᠠᠷᠠᠭ᠎ᠠ᠂ ᠬᠤᠮᠠ ᠶᠢᠨ ᠲᠤᠰᠤ ᠪᠠᠷ ᠬᠠᠭᠤᠷᠪᠠᠯ ᠲᠠᠷᠤᠢ ᠭᠤᠶᠤ ᠠᠮᠳᠠᠳᠠᠢ ᠬᠠᠭᠤᠷᠤᠭᠰᠡᠨ ᠢᠰᠬᠦᠯᠡᠩ ᠪᠤᠳᠠᠭ᠎ᠠ ᠪᠤᠯᠴᠢᠬᠠᠨ᠎ᠠ᠃ ᠲᠡᠬᠡᠷ᠎ᠡ ᠨᠢ ᠬᠠᠳᠠᠭᠠᠭᠰᠡᠨ ᠮᠠᠨᠵᠢᠨ᠂ ᠲᠦᠪᠡᠳ ᠬᠠᠰᠢ ᠶᠢᠨ ᠡᠬᠡᠳᠡᠩ ᠬᠢᠵᠤ ᠬᠤᠳᠬᠤᠭᠠᠳ ᠢᠳᠡᠬᠦ ᠳᠤ ᠲᠤᠩ ᠠᠮᠳᠠᠳᠠᠢ ᠪᠠᠶᠢᠳᠠᠭ᠃    ᠢᠰᠬᠦᠯᠡᠩ ᠰᠢᠩᠬᠡᠨ ᠪᠤᠳᠠᠭ᠎ᠠ ᠶᠢᠨ ᠠᠮᠲᠠ ᠨᠢ ᠣᠨᠴᠠᠭᠠᠶ ᠰᠠᠶᠢᠬᠠᠨ ᠮᠥᠷᠲᠡᠭᠡᠨ ᠰᠢᠮ᠎ᠡ ᠲᠡᠵᠢᠭᠡᠯ ᠲᠠᠢ ᠪᠠᠶᠢᠵᠤ᠂ ᠰᠢᠷ᠎ᠠ ᠪᠤᠳᠠᠭ᠎ᠠ ᠳᠤ ᠰᠢᠬᠢᠷ᠂  ᠤᠭᠤᠷᠠᠭ᠂ ᠹᠣᠰᠹᠣᠷ᠂ ᠺᠠᠯᠼ ᠪᠣᠯᠣᠨ 18 ᠵᠦᠢᠯ ᠤᠨ ᠰᠢᠪᠲᠦᠷᠲᠦ ᠬᠦᠴᠢᠯ ᠠᠭᠤᠯᠤᠭᠳᠠᠵᠤ᠂ ᠰᠢᠷ᠎ᠠ ᠪᠤᠳᠠᠭ᠎ᠠ ᠪᠠᠷ ᠬᠢᠭᠰᠡᠨ ᠢᠰᠬᠦᠯᠡᠩ ᠪᠤᠳᠠᠭᠠᠨ ᠳᠤ ᠰᠦᠨ ᠬᠦᠴᠢᠯ ᠤᠨ ᠪᠠᠺᠲ᠋ᠧᠷᠢ ᠠᠭᠤᠯᠤᠭᠳᠠᠵᠤ ᠪᠠᠶᠢᠳᠠᠭ ᠠᠴᠠ ᠲᠡᠷᠡ ᠨᠢ ᠤᠮᠳᠠᠭᠠᠰᠬᠤ ᠶᠢ ᠵᠤᠭᠰᠤᠭᠠᠨ᠂ ᠬᠠᠯᠠᠭᠤᠨ ᠢ ᠲᠠᠭᠤᠵᠤ᠂ ᠬᠤᠳᠣᠭᠤᠳᠤ ᠶᠢ ᠰᠠᠶᠢᠵᠢᠷᠠᠭᠤᠯᠤᠨ ᠳᠡᠯᠢᠭᠦᠦ ᠶᠢ ᠴᠢᠭᠢᠷᠠᠭᠵᠢᠭᠤᠯᠵᠤ᠂ ᠵᠢᠰᠦ ᠭᠤᠶᠤᠯᠡᠨ ᠪᠡᠶ᠎ᠡ ᠶᠢᠨ ᠬᠦᠴᠢᠯ ᠱᠦᠯᠲᠦ ᠶᠢᠨ ᠬᠡᠮᠵᠢᠶ᠎ᠡ ᠶᠢ ᠲᠡᠩᠴᠡᠭᠦᠷᠢᠰᠢᠭᠦᠯᠳᠡᠭ ᠤᠶᠢᠯᠡᠳᠤᠯ ᠲᠠᠢ ᠶᠤᠮ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ