ᠲᠦᠷᠪᠡᠨ ᠮᠣᠷᠢ ᠬᠦᠯᠦᠭᠰᠡᠨ ᠳᠡᠷᠬᠡᠨ ᠤ ᠬᠡ ᠲᠠᠢ ᠬᠦᠷᠡᠯ ᠵᠠᠰᠠᠯ ᠤᠨ ᠫᠠᠶᠢᠰᠠ
ᠨᠡᠶᠢᠲᠡᠯᠡᠭᠰᠡᠨ ᠴᠠᠭ᠄
2024/8/13
      ᠣᠷᠳᠣᠰ ᠠᠴᠠ ᠤᠯᠳᠠᠭᠰᠠᠨ ᠪᠠᠶᠢᠯᠳᠤᠭᠠᠨᠲᠤ ᠤᠯᠤᠰ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 475 ᠣᠨ — ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 221 ᠣᠨ︶ ᠤᠨ ᠦᠶ᠎ᠡ ᠶᠢᠨ ᠲᠦᠷᠪᠡᠨ ᠮᠤᠷᠢ ᠬᠦᠯᠦᠭᠰᠡᠨ ᠳᠡᠷᠬᠡᠨ ᠤ ᠬᠡ ᠲᠠᠢ ᠬᠦᠷᠡᠯ ᠵᠠᠰᠠᠯ ᠤᠨ ᠫᠠᠶᠢᠰᠠ᠃ ᠵᠠᠰᠠᠯ ᠤᠨ ᠫᠠᠶᠢᠰᠠ  ᠳᠤ ᠴᠤᠭᠤᠯᠪᠤᠷᠢ ᠰᠡᠶᠢᠯᠦᠮᠡᠯ ᠤᠷᠠᠯᠠᠯ ᠤᠨ ᠠᠷᠭ᠎ᠠ ᠪᠠᠷ᠂ ᠬᠠᠪᠳᠠᠭᠠᠢ ᠳᠠᠷᠠᠬᠠᠢ ᠬᠡᠯᠪᠡᠷᠢ ᠪᠠᠷ ᠳᠥᠷᠪᠡᠨ ᠮᠣᠷᠢ ᠶᠢ ᠳᠡᠷᠬᠡᠨ ᠳᠤ ᠬᠦᠯᠦᠭᠰᠡᠨ ᠳᠦᠷᠰᠦ ᠶᠢ ᠪᠦᠳᠦᠬᠡᠵᠡᠢ᠃ ᠲᠡᠷᠭᠡᠨ ᠳᠤ ᠬᠦᠯᠦᠭᠰᠡᠨ ᠮᠤᠷᠢ ᠨᠢ ᠠᠷᠠᠯ ᠤᠨ ᠬᠤᠶᠠᠷ ᠳᠠᠯ᠎ᠠ ᠳᠤ ᠵᠡᠷᠬᠡᠴᠡᠨ ᠵᠤᠭᠰᠤᠵᠤ᠂ ᠮᠤᠷᠢᠨ ᠤ ᠠᠷᠤ ᠳᠠᠯ᠎ᠠ ᠳᠠᠬᠢ ᠳᠡᠷᠬᠡᠨ ᠤ ᠭᠤᠷᠪᠠᠨ ᠪᠤᠯᠤ ᠨᠢ ᠲᠣᠭᠤᠷᠢᠭ ᠪᠤᠶᠤ ᠳᠥᠷᠪᠡᠯᠵᠢᠨ ᠬᠡᠯᠪᠡᠷᠢ ᠲᠠᠢ᠂ ᠳᠣᠲᠣᠷ᠎ᠠ ᠨᠢ ᠲᠣᠭᠤᠨᠣᠯᠵᠢᠨ ᠨᠢᠷᠤᠭᠤᠪᠴᠢ ᠲᠠᠯᠪᠢᠭᠤᠷ ᠲᠠᠢ ᠪᠠᠶᠢᠵᠤ ᠮᠣᠷᠢᠨ ᠲᠡᠷᠭᠡᠨ ᠤ ᠬᠡᠯᠪᠡᠷᠢ ᠳᠦᠷᠰᠦ ᠨᠢ ᠲᠦᠬᠦᠮᠬᠡᠨ᠂ ᠦᠢᠯᠡᠳᠦᠭᠰᠡᠨ ᠨᠢ ᠪᠦᠳᠦᠭᠦᠯᠢᠭ ᠪᠣᠯᠪᠠᠴᠤ ᠠᠭᠤᠯᠭ᠎ᠠ ᠨᠢ ᠠᠮᠢᠳᠤ ᠲᠦᠷᠰᠦᠯᠢᠭ ᠪᠤᠯᠵᠠᠢ᠃       ᠳᠡᠷᠬᠡᠳᠤ ᠴᠡᠷᠢᠭ ᠪᠣᠯ ᠳᠤᠮᠳᠠᠳᠤ ᠣᠷᠣᠨ ᠤ ᠱᠠᠩ ᠤᠯᠤᠰ ᠵᠧᠦ ᠤᠯᠤᠰ ᠠᠴᠠ ᠨᠠᠭᠠᠰᠢ ᠴᠡᠷᠢᠭ ᠠᠩᠭᠢ ᠶᠢᠨ ᠪᠠᠶᠢᠯᠳᠤᠭᠠᠨ ᠤ ᠭᠤᠣᠯ ᠪᠣᠯᠬᠤ ᠴᠡᠷᠢᠭ ᠤᠨ ᠲᠦᠷᠦᠯ ᠤᠨ ᠨᠢᠭᠡ ᠪᠣᠯᠣᠨ᠎ᠠ᠃ ᠮᠣᠷᠢ ᠪᠣᠯ ᠲᠠᠯ᠎ᠠ ᠨᠤᠲᠤᠭ ᠲᠤ ᠲᠦᠷᠦᠵᠤ ᠦᠰᠦᠭᠰᠡᠨ ᠠᠮᠢᠳᠡᠠ ᠪᠣᠯᠬᠤᠷ ᠳᠤᠮᠳᠠᠳᠤ ᠣᠷᠣᠨ ᠤ ᠱᠠᠩ ᠤᠯᠤᠰ ᠤᠨ ᠦᠶ᠎ᠡ ᠠᠴᠠ ᠨᠠᠭᠠᠰᠢ ᠭᠡᠨᠡᠳᠲᠡ ᠭᠠᠷᠤᠭᠰᠠᠨ ᠬᠤᠶᠠᠷ ᠮᠣᠷᠢ ᠪᠤᠶᠤ ᠲᠦᠷᠪᠡᠨ ᠮᠣᠷᠢ ᠲᠠᠢ ᠭᠠᠭᠴᠠ ᠠᠷᠠᠯᠲᠤ ᠬᠤᠶᠠᠷ ᠬᠦᠷᠳᠦᠲᠦ ᠪᠠᠶᠢᠯᠳᠤᠭᠠᠨ ᠤ ᠲᠡᠷᠭᠡ ᠨᠢ ᠤᠮᠠᠷᠠᠲᠤ ᠣᠷᠣᠨ ᠤ ᠲᠠᠯ᠎ᠠ ᠨᠤᠲᠤᠭ ᠠᠴᠠ ᠤᠯᠠᠮᠵᠢᠯᠠᠭᠳᠠᠨ ᠣᠷᠣᠵᠤ ᠢᠷᠡᠭᠰᠡᠨ ᠪᠠᠶᠢᠵᠤ ᠮᠡᠳᠡᠨ᠎ᠡ᠃ ᠡᠨᠡᠬᠦ ᠲᠦᠷᠪᠡᠨ ᠮᠣᠷᠢ ᠬᠦᠯᠦᠭᠰᠡᠨ ᠳᠡᠷᠬᠡᠨ ᠤ ᠬᠡ ᠲᠠᠢ ᠬᠦᠷᠡᠯ ᠵᠠᠰᠠᠯ  ᠤᠨ ᠫᠠᠶᠢᠰᠠ ᠵᠢᠴᠢ ᠱᠠᠩ ᠤᠯᠤᠰ ᠤᠨ ᠦᠶ᠎ᠡ ᠶᠢᠨ ᠪᠢᠴᠢᠬᠠᠨ ᠳᠡᠪᠰᠢ ᠶᠢᠨ ᠬᠦᠯᠢᠰ ᠵᠡᠷᠭᠡ ᠪᠢᠴᠢᠭᠡᠰᠦ ᠳᠤ ᠲᠡᠮᠳᠡᠭᠯᠡᠭᠳᠡᠭᠰᠡᠨ ᠢᠶᠠᠷ ᠱᠠᠩ ᠤᠯᠤᠰ ᠤᠨ ᠸᠠᠩ ᠳᠤ ᠳᠠᠶᠢᠯᠠᠭᠳᠠᠭᠰᠠᠨ ᠴᠢᠳᠬᠦᠷ ᠤᠨ ᠲᠠᠯ᠎ᠠ ᠶᠢᠨ ᠬᠢᠨ ᠮᠣᠷᠢᠨ ᠲᠡᠷᠭᠡ ᠲᠠᠢ ᠪᠠᠶᠢᠭᠰᠠᠨ ᠪᠣᠳᠠᠲᠤ ᠬᠡᠷᠡᠭ ᠤᠨ ᠮᠠᠰᠢ ᠰᠠᠶᠢᠨ ᠵᠢᠱᠢᠶ᠎ᠡ ᠪᠣᠯᠣᠨ᠎ᠠ᠃
四马驭车纹青铜饰牌.png
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ