| | 1899 ᠤᠨ ᠤ 8 ᠰᠠᠷ᠎ᠠ ᠶᠢᠨ 21 ᠤ ᠡᠳᠦᠷ ᠠᠴᠠ 1935 ᠤᠨ ᠤ 8 ᠰᠠᠷ᠎ᠠ ᠶᠢᠨ 6 ᠤ ᠡᠳᠦᠷ ᠬᠦᠷᠳᠡᠯ᠎ᠠ ᠠᠮᠢᠳᠤᠷᠠᠵᠤ ᠪᠠᠶᠢᠪᠠ᠃ ᠤᠤᠯ ᠨᠠᠷᠠ ᠨᠢ | ᠶᠤᠸᠠᠨ ᠵᠧᠨ ᠭᠡᠳᠡᠭ᠃ ᠵᠢᠶᠠᠩᠰᠢ ᠮᠤᠵᠢ ᠶᠢᠨ ᠱᠠᠩ ᠷᠣᠣ ᠬᠤᠲᠠ ᠶᠢᠨ ᠢ ᠶᠠᠩ ᠰᠢᠶᠠᠨ ᠤ ᠴᠢ ᠬᠥᠩ ᠪᠠᠯᠭᠠᠰᠤᠨ ᠤ ᠬᠤ᠋ ᠲᠠᠩ ᠲᠣᠰᠬᠤᠨ ᠤ ᠬᠦᠮᠦᠨ᠂ | ᠦᠭᠡᠶᠢᠬᠦᠤ ᠠᠩᠬᠢ ᠶᠢᠨ ᠠᠭᠤᠤ ᠶᠡᠭᠡ ᠬᠤᠪᠢᠰᠬᠠᠯᠴᠢ᠂ ᠴᠡᠷᠢᠭ ᠤᠨ ᠡᠷᠳᠡᠮᠳᠡᠨ᠂ ᠲᠠᠷᠢᠶᠠᠴᠢᠨ ᠤ ᠬᠦᠳᠡᠯᠭᠡᠭᠡᠨ ᠤ ᠭᠠᠷᠮᠠᠭᠠᠢ ᠤᠳᠤᠷᠢᠳᠤᠭᠴᠢ᠂ ᠰᠢᠨ᠎ᠡ ᠲᠤᠮᠳᠠᠳᠤ | ᠤᠯᠤᠰ ᠪᠠᠶᠢᠭᠤᠯᠤᠭᠳᠠᠬᠤ ᠦᠶ᠎ᠡ ᠶᠢᠨ ᠲᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ 100 ᠨᠡᠷᠡᠰ ᠪᠠᠭᠠᠳᠤᠷ ᠵᠢᠱᠢᠶᠡᠴᠢ ᠬᠦᠮᠦᠰ ᠤᠨ ᠨᠢᠭᠡ ᠨᠢ ᠪᠤᠯᠤᠨ᠎ᠠ᠃ | ᠹᠠᠨᠭ᠌ ᡁᠢ ᠮᠢᠨ 8 ᠨᠠᠰᠤᠲᠠᠢ ᠳᠠᠭᠠᠨ ᠭᠡᠷ ᠤᠨ ᠰᠤᠷᠭᠠᠭᠤᠯᠢ ᠳᠤ ᠪᠢᠴᠢᠭ ᠦᠵᠡᠵᠦ᠂ 1916 ᠣᠨ ᠤ ᠨᠠᠮᠤᠷ᠂ ᠢ ᠶᠠᠩ ᠰᠢᠶᠠᠨ ᠤ ᠳᠡᠭᠡᠳᠦ ᠵᠡᠷᠭᠡ ᠶᠢᠨ | ᠪᠠᠭ᠎ᠠ ᠰᠤᠷᠭᠠᠭᠤᠯᠢ ᠳᠤ ᠰᠢᠯᠭᠠᠨ ᠣᠷᠣᠵᠤ ᠰᠤᠷᠤᠯᠴᠠᠪᠠ᠃ ᠰᠤᠷᠭᠠᠭᠤᠯᠢ ᠳᠤ ᠪᠠᠶᠢᠬᠤ ᠬᠤᠭᠤᠴᠠᠭᠠᠨ ᠳᠤ ᠹᠠᠨᠭ᠌ ᡁᠢ ᠮᠢᠨ ᠲᠠᠪᠰᠢᠩᠭᠤᠢ ᠪᠦᠯᠬᠦᠮ ︽ ᠶᠢᠰᠤᠳᠤᠭᠡᠷ | ᠲᠣᠭᠤᠷᠢᠭ ᠤᠨ ᠵᠠᠯᠠᠭᠤᠴᠤᠳ ᠤᠨ ᠨᠡᠶᠢᠭᠡᠮᠯᠢᠭ︾ ᠢ ᠵᠣᠬᠢᠶᠠᠨ ᠪᠠᠶᠢᠭᠤᠯᠵᠤ᠂ 1919 ᠣᠨ ᠤ ᠵᠤᠨ᠂ ᠢ ᠶᠠᠩ ᠰᠢᠶᠠᠨ ᠤ ᠳᠡᠭᠡᠳᠦ ᠵᠡᠷᠭᠡ ᠶᠢᠨ ᠪᠠᠭ᠎ᠠ | ᠰᠤᠷᠭᠠᠭᠤᠯᠢ ᠶᠢᠨ ᠰᠤᠷᠤᠭᠴᠢᠳ ᠢ ᠳᠠᠶᠢᠴᠢᠯᠠᠨ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠵᠦ ᠤᠯᠤᠰ ᠢᠶᠠᠨ ᠬᠠᠶᠢᠷᠠᠯᠠᠬᠤ ᠲᠡᠮᠡᠴᠡᠯ ᠢ ᠵᠣᠬᠢᠶᠠᠨ ᠪᠠᠶᠢᠭᠤᠯᠵᠤ | ᠥᠷᠨᠢᠭᠦᠯᠪᠡ᠃ ᠨᠠᠮᠤᠷ ᠨᠢ᠂ ᠵᠢᠶᠠᠩᠰᠢ ᠮᠤᠵᠢ ᠠᠴᠠ ᠪᠠᠶᠢᠭᠤᠯᠤᠭᠰᠠᠨ ᠬᠥᠬᠡ ᠲᠦᠷᠦᠯ ᠤᠨ ᠠᠵᠤ ᠦᠢᠯᠡᠳᠪᠦᠷᠢ ᠶᠢᠨ ᠰᠤᠷᠭᠠᠭᠤᠯᠢ ᠶᠢᠨ ᠪᠡᠯᠡᠳᠬᠡᠯ ᠠᠩᠭᠢ ᠳᠤ | ᠰᠢᠯᠭᠠᠨ ᠣᠷᠣᠪᠠ᠃ | 1920 ᠣᠨ ᠳᠤ ᠵᠢᠶᠠᠩᠰᠢ ᠮᠤᠵᠢ ᠠᠴᠠ ᠪᠠᠶᠢᠭᠤᠯᠤᠭᠰᠠᠨ ᠭᠦᠭᠡ ᠲᠦᠷᠦᠯ ᠤᠨ ᠠᠵᠤ ᠦᠢᠯᠡᠳᠪᠦᠷᠢ ᠶᠢᠨ ᠰᠤᠷᠭᠠᠭᠤᠯᠢ ᠶᠢᠨ ᠬᠡᠷᠡᠭᠯᠡᠭᠡᠨ ᠤ ᠮᠧᠬᠠᠨᠢᠭ ᠤᠨ | ᠰᠠᠯᠠᠭ᠎ᠠ ᠳᠤ ᠲᠡᠪᠰᠢᠠ ᠣᠷᠣᠵᠤ ᠰᠤᠷᠤᠯᠴᠠᠵᠤ᠂ ᠲᠤᠰ ᠰᠤᠷᠭᠠᠭᠤᠯᠢ ᠶᠢᠨ ᠰᠤᠷᠤᠭᠴᠢᠳ ᠤᠨ ᠥᠪᠡᠷᠲᠡᠭᠡᠨ ᠵᠠᠰᠠᠬᠤ ᠵᠥᠪᠯᠡᠯ ᠤᠨ ᠬᠠᠷᠢᠭᠤᠴᠠᠯᠭᠠᠲᠠᠨ ᠪᠤᠯᠪᠠ᠃ | 1922 ᠣᠨ ᠳᠤ ᠹᠠᠩ ᡁᠢ ᠮᠢᠨ ᠵᠢᠦᠵᠢᠶᠠᠩ ᠠᠴᠠ ᠱᠠᠩᠬᠠᠢ ᠳᠤ ᠣᠴᠢᠵᠠᠢ᠃ ᠱᠠᠩᠬᠠᠢ ᠳᠤ ᠪᠠᠶᠢᠬᠤ ᠬᠤᠭᠤᠴᠠᠭᠠᠨ ᠳᠠᠭᠠᠨ᠂ ᠹᠠᠩ ᡁᠢ ᠮᠢᠨ ᠨᠠᠮ ᠤᠨ | ᠵᠣᠬᠢᠶᠠᠨ ᠪᠠᠶᠢᠭᠤᠯᠤᠯᠲᠠ ᠪᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠬᠤ ᠪᠠᠶᠢᠭᠤᠯᠭ᠎ᠠ ᠶᠢ ᠡᠷᠢᠵᠦ ᠣᠯᠣᠭᠰᠠᠨ ᠪᠥᠭᠡᠳ ᠴᠧᠨ ᠳ᠋ᠦ᠋ ᠰᠢᠸ᠂ ᠴᠢᠦᠢ | ᠴᠢᠦ ᠪᠠᠢ᠂ ᠶᠦᠨ ᠳ᠋ᠠᠢ ᠶᠢᠩ᠂ ᠰᠢᠶᠠᠩ ᠵᠢᠩ ᠢᠦᠢ ᠵᠡᠷᠭᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠯᠳᠠᠷᠲᠤ ᠤᠳᠤᠷᠢᠳᠬᠤ ᠬᠥᠮᠥᠰ ᠲᠠᠢ ᠲᠠᠨᠢᠯᠴᠠᠵᠠᠢ᠃ | ᠲᠤᠰ ᠵᠢᠯ ᠤᠨ 8 ᠰᠠᠷ᠎ᠠ ᠳᠤ᠂ ᠹᠠᠨᠭ᠌ ᡁᠢ ᠮᠢᠨ ᠲᠤᠮᠳᠠᠳᠤ ᠤᠯᠤᠰ ᠤᠨ ᠨᠡᠶᠢᠭᠡᠮ ᠵᠢᠷᠤᠮᠳᠤ ᠵᠠᠯᠠᠭᠤᠴᠤᠳ ᠤᠨ ᠡᠪᠯᠡᠯ ᠤᠨ ᠭᠡᠰᠢᠬᠦᠨ ᠪᠤᠯᠪᠠ᠃ ᠵᠣᠬᠢᠶᠠᠨ | ᠪᠠᠶᠢᠭᠤᠯᠤᠯᠲᠠ ᠶᠢᠨ ᠲᠣᠭᠲᠠᠭᠠᠯ ᠢᠶᠠᠷ᠂ ᠹᠠᠩ ᡁᠢ ᠮᠢᠨ ᠱᠠᠩᠬᠠᠢ ᠠᠴᠠ ᠰᠠᠯᠵᠤ ᠨᠠᠨᠴᠠᠩ ᠳᠤ ᠪᠤᠴᠠᠵᠤ ︽ᠰᠣᠶᠣᠯ ᠨᠣᠮ ᠬᠡᠪᠯᠡᠬᠦ ᠬᠤᠷᠢᠶ᠎ᠠ︾ ᠶᠢ ᠡᠭᠦᠰᠬᠡᠨ | ᠡᠷᠭᠢᠯᠡᠵᠦ᠂ ᠵᠢᠶᠠᠩᠰᠢ ᠮᠤᠵᠢ ᠶᠢᠨ ᠣᠷᠣᠨ ᠨᠤᠲᠤᠭ ᠤᠨ ᠡᠪᠯᠡᠯ ᠤᠨ ᠵᠣᠬᠢᠶᠠᠨ ᠪᠠᠶᠢᠭᠤᠯᠤᠯᠲᠠ ᠶᠢ ᠪᠠᠶᠢᠭᠤᠯᠬᠤ ᠠᠵᠢᠯᠯᠠᠭ᠎ᠠ ᠶᠢᠨ ᠰᠠᠭᠤᠷᠢᠨ ᠢ ᠡᠬᠦᠰᠭᠡᠨ | ᠪᠠᠶᠢᠭᠤᠯᠪᠠ᠃ ᠪᠠᠰᠠ ︽ᠵᠠᠯᠠᠭᠤᠴᠤᠳ ᠤᠨ ᠲᠠᠭᠤᠨ︾ ᠭᠠᠷᠠᠭ ᠤᠨ ᠰᠣᠨᠢᠨ ᠢ ᠬᠡᠪᠯᠡᠭᠦᠯᠵᠦ᠂ ᠮᠠᠷᠺᠰ ᠤᠨ ᠦᠵᠡᠯ ᠢ ᠤᠬᠠᠭᠤᠯᠪᠠ᠃ | 1924 ᠣᠨ ᠤ 3 ᠰᠠᠷ᠎ᠠ ᠳᠤ᠂ ᠹᠠᠩ ᡁᠢ ᠮᠢᠨ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠪᠠ᠃ | 1927 ᠤᠨ ᠤ 12 ᠰᠠᠷ᠎ᠠ ᠳᠤ᠂ ᠹᠠᠨᠭ᠌ ᡁᠢ ᠮᠢᠨ ᠢ ᠶᠠᠩ᠂ ᠡᠾᠸᠡᠭ ᠹᠸᠡᠭ ᠤᠷᠴᠢᠮ ᠤᠨ ᠭᠠᠵᠠᠷ ᠤᠷᠤᠨ ᠤ ᠲᠠᠷᠢᠶᠠᠴᠢᠨ ᠤ ᠵᠡᠪᠰᠡᠭᠳᠤ ᠪᠤᠰᠤᠯᠭ᠎ᠠ ᠶᠢ | ᠤᠳᠤᠷᠢᠳᠤᠨ᠂ ᠵᠢᠶᠠᠩᠰᠢ ᠶᠢᠨ ᠵᠡᠬᠦᠨ ᠬᠤᠶᠢᠳᠤ ᠶᠢᠨ ᠬᠤᠪᠢᠰᠬᠠᠯ ᠤᠨ ᠰᠠᠭᠤᠷᠢᠨ ᠭᠠᠵᠠᠷ ᠢ ᠡᠬᠦᠰᠭᠡᠨ ᠪᠠᠶᠢᠭᠤᠯᠵᠤ᠂ ᠲᠤᠮᠳᠠᠳᠤ ᠤᠯᠤᠰ ᠤᠨ ᠠᠵᠢᠯᠴᠢᠨ | ᠲᠠᠷᠢᠶᠠᠴᠢᠨ ᠤ ᠬᠤᠪᠢᠰᠬᠠᠯᠲᠤ ᠴᠡᠷᠢᠭ ᠤᠨ ᠠᠷᠪᠠᠳᠤᠭᠠᠷ ᠠᠷᠮᠢ ᠶᠢ ᠤᠳᠤᠷᠢᠳᠤᠨ ᠵᠤᠬᠢᠶᠠᠨ ᠪᠠᠶᠢᠭᠤᠯᠪᠠ᠃ ᠤᠷᠢᠳ ᠬᠤᠵᠢᠳ ᠵᠢᠶᠠᠩᠰᠢ ᠶᠢᠨ ᠵᠡᠬᠦᠨ ᠬᠤᠶᠢᠳᠤ | ᠮᠤᠵᠢ᠂ ᠹᠦᠵᠢᠶᠠᠨ ᠵᠧᠵᠢᠶᠠᠩ ᠵᠢᠶᠠᠩᠰᠢ ᠮᠤᠵᠢ ᠶᠢᠨ ᠰᠤᠪᠢᠶᠠᠳ ᠵᠠᠰᠠᠭ ᠤᠨ ᠲᠡᠷᠢᠬᠦᠯᠡᠭᠴᠢ᠂ ᠤᠯᠠᠭᠠᠨ ᠠᠷᠪᠠᠳᠤᠭᠠᠷ ᠠᠷᠮᠢ᠂ ᠤᠯᠠᠭᠠᠨ ᠠᠷᠪᠠᠨ ᠨᠢᠭᠡᠳᠤᠭᠡᠷ ᠠᠷᠮᠢ | ᠶᠢᠨ ᠤᠯᠤᠰ ᠲᠦᠷᠦ ᠶᠢᠨ ᠭᠡᠰᠢᠬᠦᠨ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠹᠦᠵᠢᠶᠡᠨ ᠵᠧᠵᠢᠶᠠᠩ ᠵᠢᠶᠠᠩᠰᠢ ᠮᠤᠵᠢ ᠶᠢᠨ ᠱᠦᠵᠢ ᠶᠢᠨ ᠲᠤᠰᠢᠶᠠᠯ ᠢ | ᠡᠬᠦᠷᠭᠡᠯᠡᠪᠡ᠃ | ᠹᠠᠨᠭ᠌ ᡁᠢ ᠮᠢᠨ ᠮᠠᠷᠺᠰ ᠤᠨ ᠦᠵᠡᠯ ᠢ ᠵᠢᠶᠠᠩᠰᠢ ᠶᠢᠨ ᠵᠡᠬᠦᠨ ᠬᠤᠶᠢᠳᠤ ᠶᠢᠨ ᠪᠤᠳᠠᠳᠤ ᠪᠠᠶᠢᠳᠠᠯ ᠲᠠᠢ ᠤᠶᠠᠯᠳᠤᠭᠤᠯᠤᠨ᠂ ᠨᠡᠮ ᠴᠡᠷᠢᠭ ᠤᠯᠠᠭᠠᠨ ᠵᠠᠰᠠᠭ ᠤᠨ | ᠡᠷᠭᠡ ᠶᠢ ᠪᠠᠶᠢᠭᠤᠯᠬᠤ ᠨᠢᠭᠡᠨ ᠢᠵᠢ ᠲᠤᠷᠰᠢᠯᠭ᠎ᠠ ᠶᠢ ᠡᠬᠦᠳᠴᠤ᠂ ᠮᠠᠤ ᠲᠡᠷᠢᠬᠦᠯᠡᠭᠴᠢ ᠠᠴᠠ ᠡᠬᠦᠨ ᠢ ︽ᠹᠠᠨᠭ᠌ ᡁᠢ ᠮᠢᠨ ᠮᠠᠶ᠋ᠢᠭ︾ ᠤᠨ ᠰᠠᠭᠤᠷᠢᠨ ᠭᠠᠵᠠᠷ ᠭᠡᠵᠦ | ᠨᠡᠷᠡᠯᠡᠭᠰᠡᠨ ᠪᠠᠶᠢᠨ᠎ᠠ᠃ | 1934 ᠣᠨ ᠤ 11 ᠰᠠᠷ᠎ᠠ ᠳᠤ᠂ ᠶᠠᠫᠤᠨ ᠢ ᠡᠰᠡᠷᠭᠦᠴᠡᠬᠦ ᠲᠦᠷᠦᠭᠦᠨ ᠤ ᠠᠩᠭᠢ ᠪᠣᠯᠤᠭᠰᠠᠨ ᠤᠯᠠᠭᠠᠨ ᠳᠣᠯᠣᠳᠤᠭᠠᠷ ᠨᠢᠭᠡᠳᠬᠡᠯ ᠠᠷᠮᠢ ᠵᠢᠶᠠᠩᠰᠢ ᠶᠢᠨ | ᠵᠡᠭᠦᠨ ᠬᠤᠶᠢᠲᠤ ᠶᠢᠨ ᠬᠤᠪᠢᠰᠬᠠᠯ ᠤᠨ ᠰᠠᠭᠤᠷᠢᠨ ᠭᠠᠵᠠᠷ ᠲᠤ ᠬᠦᠷᠴᠦ᠂ ᠤᠯᠠᠭᠠᠨ ᠠᠷᠪᠠᠳᠤᠭᠠᠷ ᠠᠷᠮᠢ ᠲᠠᠢ ᠨᠡᠶᠢᠯᠡᠵᠦ ᠤᠯᠠᠭᠠᠨ ᠠᠷᠪᠠᠳᠤᠭᠠᠷ ᠨᠢᠭᠡᠳᠭᠡᠯ ᠠᠷᠮᠢ | ᠪᠤᠯᠤᠨ ᠪᠦᠷᠢᠯᠳᠤᠵᠤ᠂ ᠹᠠᠨᠭ᠌ ᡁᠢ ᠮᠢᠨ ᠤᠯᠠᠭᠠᠨ ᠠᠷᠪᠠᠳᠤᠭᠠᠷ ᠨᠢᠭᠡᠳᠭᠡᠯ ᠠᠷᠮᠢ ᠶᠢᠨ ᠴᠡᠷᠢᠭ ᠵᠠᠰᠠᠭ ᠤᠨ ᠵᠦᠪᠯᠡᠯ ᠤᠨ ᠲᠡᠷᠢᠬᠦᠯᠡᠭᠴᠢ ᠪᠤᠯᠪᠠ᠃ ᠹᠠᠨᠭ᠌ ᡁᠢ ᠮᠢᠨ | ᠵᠠᠷᠯᠢᠭ ᠢᠶᠠᠷ ᠤᠯᠠᠭᠠᠨ ᠠᠷᠪᠠᠳᠤᠭᠠᠷ ᠨᠢᠭᠡᠳᠭᠡᠯ ᠠᠷᠮᠢ ᠶᠢ ᠲᠠᠭᠠᠭᠤᠯᠤᠨ ᠤᠮᠠᠷᠠᠰᠢ ᠮᠤᠷᠳᠠᠨ ᠶᠠᠫᠤᠨ ᠢ ᠡᠰᠡᠷᠬᠦᠴᠡᠵᠦ᠂ ᠦᠪᠡᠷ ᠤᠨ ᠴᠡᠷᠢᠭ ᠤᠨ ᠬᠦᠴᠦᠨ ᠠᠴᠠ | ᠲᠤᠯᠤᠭᠠᠨ ᠲᠡᠬᠢᠨ ᠢᠯᠡᠬᠦᠤ ᠲᠡᠶᠢᠰᠤᠨ ᠲᠠᠢ ᠡᠷᠡᠯᠭᠡᠭ ᠪᠠᠭᠠᠳᠤᠷᠯᠢᠭ ᠢᠶᠠᠷ ᠪᠠᠶᠢᠯᠳᠤᠵᠤ᠂ ᠡᠴᠦᠰ ᠲᠡᠭᠡᠨ ᠤᠷᠪᠠᠭᠴᠢ ᠳᠤ ᠬᠤᠳᠠᠯᠳᠤᠭᠳᠠᠨ᠂ 1935 ᠣᠨ ᠤ 1 | ᠰᠠᠷ᠎ᠠ ᠶᠢᠨ 29 ᠤ ᠡᠳᠦᠷ᠂ ᠵᠢᠶᠠᠩᠰᠢ ᠮᠤᠵᠢ ᠶᠢᠨ ᠢᠦ᠋ᠢᠱᠠᠨ ᠰᠢᠶᠠᠨ ᠤ ᠬᠤᠸᠠᠢ ᠢᠦᠢ ᠱᠠᠨ ᠲᠣᠭᠤᠷᠢᠭ ᠲᠤ ᠪᠠᠷᠢᠪᠴᠢᠯᠠᠭᠳᠠᠵᠤ᠂ 1935 ᠣᠨ ᠤ 8 | ᠰᠠᠷ᠎ᠠ ᠶᠢᠨ 6 ᠤ ᠡᠳᠦᠷ᠂ ᠹᠠᠩ ᡁᠢ ᠮᠢᠨ ᠨᠥᠬᠦᠷ ᠵᠢᠶᠠᠩᠰᠢ ᠮᠤᠵᠢ ᠶᠢᠨ ᠨᠠᠨᠴᠠᠩ ᠬᠤᠲᠠ ᠶᠢᠨ ᠰᠢᠶᠠ ᠱᠠ ᠸᠸ ᠳᠤ ᠨᠢᠭᠤᠴᠠ ᠪᠠᠷ ᠬᠤᠣᠷᠯᠠᠭᠳᠠᠪᠠ᠂ | ᠲᠤᠬᠠᠢ ᠶᠢᠨ ᠵᠢᠯ ᠳᠤ 36 ᠨᠠᠰᠤᠲᠠᠢ ᠪᠠᠶᠢᠪᠠ᠃ | |