ᠠᠭᠠᠬᠢᠮ᠎ᠠ ᠬᠠᠯᠠᠭᠤᠨ ᠵᠤᠨ ᠤ ᠤᠯᠠᠷᠢᠯ ᠳᠤ᠂ ᠬᠦᠷᠢᠨ ᠤ ᠭᠠᠳᠠᠨᠠᠬᠢ ᠳᠤᠶᠠᠭᠠᠨ ᠤ ᠳᠤᠰᠤᠯᠳᠠ ᠪᠦᠬᠦ ᠵᠢᠯ | ᠤᠨ ᠤᠷᠬᠢᠯ ᠬᠡᠮᠵᠢᠶᠡᠨ ᠳᠤ ᠪᠠᠨ ᠬᠦᠷᠳᠡᠭ᠃ ᠤᠯᠠᠩᠬᠢ ᠬᠦᠮᠦᠰ ᠨᠠᠷᠠᠨ ᠤ ᠳᠤᠰᠤ᠂ ᠮᠠᠯᠠᠭᠠᠢ᠂ ᠰᠢᠬᠦᠷ ᠵᠡᠷᠬᠡ ᠶᠢ | ᠬᠡᠷᠡᠭᠯᠡᠨ᠂ ᠠᠷᠠᠰᠤ ᠪᠠᠨ ᠨᠠᠷᠠᠨ ᠠᠴᠠ ᠬᠠᠮᠠᠭᠠᠯᠠᠳᠠᠭ᠃ ᠬᠡᠪᠡᠴᠤ ᠤᠷᠳᠤ ᠬᠤᠭᠤᠴᠠᠭ᠎ᠠ ᠨᠠᠷᠠᠨ ᠳᠤ ᠶᠠᠪᠤᠬᠤ ᠳᠤ | ᠪᠠᠨ ᠠᠷᠠᠰᠤ ᠪᠠᠨ ᠬᠠᠮᠠᠭᠠᠯᠠᠬᠤ ᠠᠴᠠ ᠭᠠᠳᠠᠨ᠎ᠠ ᠨᠢᠳᠤ ᠪᠠᠨ ᠴᠤ ᠬᠠᠮᠠᠭᠠᠯᠠᠬᠤ ᠬᠡᠷᠡᠭᠳᠡᠢ ᠬᠡᠳᠡᠭ ᠢ ᠲᠠ ᠮᠡᠳᠡᠨ᠎ᠡ ᠤᠤ | ︖ ᠨᠠᠷᠠᠨ ᠳᠤ ᠶᠠᠪᠤᠬᠤ ᠳᠤ ᠪᠠᠨ ᠨᠢᠳᠤ ᠪᠠᠨ ᠬᠠᠮᠠᠭᠠᠯᠠᠬᠤ ᠦᠬᠡᠢ ᠪᠤᠯ ᠬᠦᠷᠢᠨ ᠤ ᠭᠠᠳᠠᠨᠠᠬᠢ ᠳᠤᠶᠠᠭ᠎ᠠ ᠨᠢᠳᠤᠨ | ᠤ ᠡᠯ᠎ᠡ ᠨᠡᠬᠡᠳᠡᠰᠤ ᠶᠢ ᠬᠡᠮᠳᠤᠬᠡᠵᠤ᠂ ᠨᠢᠳᠤᠨ ᠤ ᠡᠯ᠎ᠡ ᠵᠦᠢᠯ ᠤᠨ ᠡᠪᠡᠳᠴᠢᠨ ᠢ ᠡᠬᠦᠰᠬᠡᠵᠤ ᠮᠡᠳᠡᠨ᠎ᠡ᠃ ᠬᠡᠬᠦ ᠳᠤ | ᠪᠠᠨ ᠨᠢᠳᠤ ᠪᠠᠨ ᠨᠠᠷᠠᠨ ᠠᠴᠠ ᠬᠠᠮᠠᠭᠠᠯᠠᠬᠤ ᠨᠢ ᠳᠡᠶᠢᠮᠤ ᠬᠦᠴᠢᠷ ᠶᠠᠪᠤᠳᠠᠯ ᠪᠢᠰᠢ᠂ ︽ᠬᠠᠷ᠎ᠠ ᠰᠢᠯ︾ ᠵᠡᠬᠦᠬᠦ ᠨᠢ | ᠬᠠᠮᠤᠭ ᠤᠨ ᠲᠦᠬᠦᠮ ᠠᠷᠭ᠎ᠠ ᠪᠤᠯᠤᠨ᠎ᠠ᠃ ᠬᠠᠷ᠎ᠠ ᠰᠢᠯ ᠢ ᠪᠠᠰᠠ ᠨᠠᠷᠠᠨ ᠤ ᠰᠢᠯ ᠬᠡᠳᠡᠭ᠃ ᠬᠢᠷᠢ ᠳᠡᠩᠴᠡᠭᠰᠡᠨ | ᠨᠢᠳᠤᠨ ᠤ ᠰᠢᠯ ᠨᠢ ᠬᠦᠷᠢᠨ ᠤ ᠭᠠᠳᠠᠨᠠᠬᠢ ᠳᠤᠶᠠᠭ᠎ᠠ ᠶᠢᠨ ᠶᠡᠬᠡᠩᠬᠢ ᠬᠡᠰᠡᠭ ᠢ ᠬᠠᠯᠬᠠᠯᠠᠵᠤ᠂ ᠨᠢᠳᠤ ᠶᠢ ᠬᠠᠮᠠᠭᠠᠯᠠᠬᠤ | ᠦᠢᠯᠡᠳᠤᠯ ᠲᠠᠢ ᠬᠡᠵᠤ ᠮᠠᠰᠢ ᠤᠯᠠᠨ ᠰᠤᠳᠤᠯᠭᠠᠨ ᠳᠤ ᠵᠢᠭᠠᠵᠤ ᠭᠠᠷᠭᠠᠭᠰᠠᠨ ᠪᠢᠯᠡ᠃ | ᠨᠠᠷᠠᠨ ᠤ ᠰᠢᠯ ᠰᠤᠩᠭᠤᠬᠤ ᠳᠤ ᠪᠠᠨ ᠠᠩᠬᠠᠷᠬᠤ ᠨᠢ᠄ | ᠳᠤᠳᠤᠷᠬᠠᠶᠢᠯᠠᠯᠳᠠ ᠶᠢᠨ ᠪᠢᠴᠢᠭ ᠢ ᠨᠠᠷᠢᠪᠴᠢᠯᠠᠨ ᠦᠵᠡᠵᠤ᠂ UV400 ᠪᠤᠶᠤUV100 % ᠶᠢ | ᠳᠤᠳᠤᠷᠬᠠᠶᠢᠯᠠᠭᠰᠠᠨ ᠡᠰᠡᠬᠦ ᠶᠢ ᠦᠵᠡᠬᠡᠷᠡᠢ᠂ ᠡᠶᠢᠮᠦᠷᠬᠦᠦ ᠨᠠᠷᠠᠨ ᠤ ᠰᠢᠯ ᠨᠢ ᠤᠨᠴᠠᠭᠠᠢ ᠳᠡᠮᠦᠷᠯᠢᠭ ᠡᠯᠧᠮᠧᠨ᠋ᠲ ᠢᠶᠠᠷ | ᠬᠦᠷᠢᠨ ᠤ ᠭᠠᠳᠠᠨᠠᠬᠢ ᠳᠤᠶᠠᠭ᠎ᠠ ᠶᠢ ᠰᠢᠩᠬᠡᠬᠡᠬᠦ ᠪᠤᠶᠤ ᠨᠢᠳᠤᠨ ᠰᠢᠯ ᠢ ᠭᠠᠳᠠᠭᠤᠷ ᠨᠢ ᠦᠩᠬᠡᠯᠡᠵᠤ ᠬᠦᠷᠢᠨ ᠤ | ᠭᠠᠳᠠᠨᠠᠬᠢ ᠳᠤᠶᠠᠭ᠎ᠠ ᠶᠢ ᠦᠢᠯᠭᠠᠨ᠂ ᠨᠢᠳᠤ ᠶᠢ ᠬᠠᠮᠠᠭᠠᠯᠠᠳᠠᠭ᠃ | ᠦᠩᠬᠡ ᠶᠢᠨ ᠰᠤᠩᠭᠤᠯᠳᠠ ᠶᠢᠨ ᠳᠠᠯ᠎ᠠ ᠪᠠᠷ᠂ ᠰᠠᠭᠠᠷᠠᠯ ᠦᠩᠬᠡ᠂ ᠴᠠᠢ ᠶᠢᠨ ᠦᠩᠬᠡ᠂ ᠨᠤᠭᠤᠭᠠᠨ | ᠰᠠᠭᠠᠷᠠᠯ ᠦᠩᠬᠡ ᠵᠡᠷᠬᠡ ᠭᠤᠷᠪᠠᠨ ᠦᠩᠬᠡ ᠶᠢᠨ ᠰᠢᠯ ᠢ ᠵᠡᠬᠦᠪᠡᠯ ᠬᠠᠷᠠᠭᠠᠨ ᠤ ᠦᠩᠬᠡ ᠶᠢᠨ ᠵᠦᠷᠢᠶ᠎ᠡ ᠨᠢ ᠪᠠᠭ᠎ᠠ | ᠪᠠᠶᠢᠳᠠᠭ᠃ | ᠰᠠᠨᠠᠭᠤᠯᠤᠮᠵᠢ᠄ | ᠬᠡᠤᠬᠡᠳ ᠪᠠᠭᠠᠴᠤᠳ ᠴᠤ ᠨᠠᠷᠠᠨ ᠤ ᠰᠢᠯ ᠵᠡᠬᠦᠵᠤ ᠨᠢᠳᠤ ᠪᠠᠨ ᠬᠠᠮᠠᠭᠠᠯᠠᠪᠠᠯ ᠵᠤᠬᠢᠨ᠎ᠠ᠃ | ᠨᠠᠷᠠᠨ ᠤ ᠰᠢᠯ ᠰᠤᠩᠭᠤᠨ ᠬᠡᠷᠡᠭᠯᠡᠬᠦ ᠳᠤ ᠪᠠᠨ ᠪᠠᠷᠢᠮᠵᠢᠶᠠᠨ ᠳᠤ ᠨᠡᠶᠢᠴᠡᠭᠰᠡᠨ ᠪᠦᠳᠦᠬᠡᠭᠳᠡᠬᠦᠨ ᠢ | ᠰᠤᠩᠭᠤᠵᠤ᠂ 2 ~ 3 ᠵᠢᠯ ᠳᠤ ᠰᠢᠨ᠎ᠡ ᠶᠢ ᠰᠤᠯᠢᠪᠠᠯ ᠨᠢᠳᠤ ᠶᠢ ᠬᠠᠮᠠᠭᠠᠯᠠᠬᠤ ᠦᠢᠯᠡᠳᠤᠯ ᠨᠢ ᠰᠠᠶᠢᠨ ᠪᠠᠶᠢᠳᠠᠭ᠃ |