ᠪᠠᠷᠰ ᠤᠨ ᠳᠤᠯᠤᠭᠠᠶᠢᠳᠤ ᠴᠢᠮᠡᠭ ᠳᠤᠨᠤᠭ
ᠨᠡᠶᠢᠲᠡᠯᠡᠭᠰᠡᠨ ᠴᠠᠭ᠄
2024/7/30
      ᠪᠠᠷᠰ ᠤᠨ ᠳᠤᠯᠤᠭᠠᠶᠢᠳᠤ ᠴᠢᠮᠡᠭ ᠳᠤᠨᠤᠭ᠂ ᠥᠨᠳᠥᠷ ᠢᠶᠠᠷ 6cm᠂ ᠥᠷᠭᠡᠨ ᠢᠶᠠᠷ 2.9cm᠂ ᠵᠡᠭᠦᠨᠭᠠᠷ ᠬᠤᠰᠢᠭᠤᠨ ᠤ ᠪᠤᠷᠤ ᠳᠤᠬᠤᠢ ᠶᠢᠨ ᠰᠢ ᠭᠧᠦ ᠫᠠᠨ ᠤ ᠪᠠᠶᠢᠯᠳᠤᠭᠠᠨᠲᠤ ᠤᠯᠤᠰ ᠤᠨ ᠤᠩᠭᠤᠨ ᠠᠴᠠ ᠣᠯᠳᠠᠵᠠᠢ᠃       ᠪᠠᠷᠰ ᠤᠨ ᠳᠤᠯᠤᠭᠠᠶᠢᠳᠤ ᠴᠢᠮᠡᠭ ᠳᠤᠨᠤᠭ ᠪᠣᠯ ᠨᠢᠭᠡ ᠵᠦᠢᠯ ᠤᠨ ᠣᠨᠴᠠᠭᠠᠶ ᠬᠡᠯᠪᠡᠷᠢ ᠶᠢᠨ ᠴᠢᠮᠡᠭ ᠳᠤᠨᠤᠭ ᠪᠠᠶᠢᠵᠤ᠂ ᠪᠦᠬᠦᠯᠢ ᠴᠣᠭᠴᠠ ᠨᠢ ᠪᠣᠰᠤᠭ᠎ᠠ ᠵᠤᠤᠪᠠᠩ ᠬᠡᠯᠪᠡᠷᠢᠲᠡᠢ᠂ ᠨᠢᠭᠤᠷ ᠳᠠᠯ᠎ᠠ ᠳᠡᠬᠡᠷ᠎ᠡ ᠨᠢ ᠴᠢᠬᠢ ᠪᠠᠨ ᠰᠡᠷᠬᠡᠶᠢᠯᠬᠡᠵᠤ ᠨᠢᠳᠤ ᠪᠠᠨ ᠪᠦᠯᠳᠡᠶᠢᠯᠬᠡᠭᠰᠡᠨ ᠪᠠᠷᠰ ᠤᠨ ᠳᠡᠬᠡᠳᠤ ᠬᠠᠭᠠᠰ ᠪᠡᠶ᠎ᠡ ᠶᠢ ᠬᠦᠳᠦᠶᠢᠯᠬᠡᠨ ᠰᠡᠶᠢᠯᠵᠡᠢ᠃ ᠪᠠᠷᠰ ᠤᠨ ᠡᠮᠦᠨ᠎ᠡ ᠮᠥᠴᠢ ᠨᠢ ᠪᠡᠶ᠎ᠡ ᠳᠤ ᠪᠠᠨ ᠨᠠᠭᠠᠯᠳᠤᠨ ᠡᠷᠭᠦᠭᠳᠡᠵᠦ᠂ ᠰᠠᠪᠠᠷ ᠢᠶᠠᠨ ᠡᠷᠡᠦ ᠶᠢᠨ ᠳᠣᠣᠷ᠎ᠠ ᠳᠠᠯᠪᠢᠨ᠂ ᠪᠠᠷᠰ ᠤᠨ ᠳᠤᠤᠷᠠᠳᠤ ᠬᠠᠭᠠᠰ ᠪᠡᠶ᠎ᠡ ᠶᠢ ᠳᠥᠭᠦᠮᠴᠢᠯᠡᠭᠡᠳ ᠡᠪᠬᠡᠷᠡᠯᠳᠦᠭᠰᠡᠨ ᠡᠭᠦᠯᠡᠨ ᠤ ᠤᠭᠠᠯᠵᠠ ᠪᠣᠯᠭᠠᠵᠠᠢ᠃ ᠠᠷᠤ ᠲᠠᠯ᠎ᠠ ᠳᠤᠨᠢ ᠲᠣᠭᠤᠨᠣᠯᠵᠢᠨ ᠬᠡᠯᠪᠡᠷᠢ ᠶᠢᠨ ᠨᠦᠬᠡ ᠲᠠᠢ ᠳᠤᠪᠴᠢ ᠲᠠᠢ᠂ ᠮᠠᠯᠲᠠᠵᠤ ᠭᠠᠷᠭᠠᠬᠤ ᠦᠶ᠎ᠡ ᠳᠤ ᠳᠤᠪᠴᠢ ᠶᠢᠨ ᠳᠣᠲᠣᠷ᠎ᠠ ᠰᠣᠯᠪᠢᠴᠠᠯᠳᠤᠭᠰᠠᠨ ᠠᠷᠠᠰᠤᠨ ᠤ ᠦᠵᠢᠷᠡᠭᠰᠡᠨ ᠨᠢ ᠦᠯᠡᠳᠡᠭᠳᠡᠵᠤ ᠪᠠᠶᠢᠵᠠᠢ᠃ ᠡᠨᠡᠬᠦ ᠴᠢᠮᠡᠭ ᠳᠤᠨᠤᠭ ᠤᠨ ᠬᠡᠯᠪᠡᠷᠢ ᠲᠦᠷᠰᠤ ᠨᠢ ᠦᠪᠡᠷᠮᠢᠴᠡ᠂ ᠨᠠᠷᠢᠯᠢᠭ ᠬᠢᠴᠡ ᠲᠠᠢ᠂ ᠣᠳᠣᠬᠠᠨ ᠳᠤ ︽ᠣᠷᠳᠣᠰ ᠤᠨ ᠬᠦᠷᠡᠯ ᠪᠠᠭᠠᠵᠢ︾ ᠶᠢᠨ ᠳᠣᠲᠣᠷᠠᠬᠢ ᠬᠠᠮᠤᠭ ᠠᠴᠠ ᠰᠤᠳᠤᠯᠤᠭᠠᠰᠤᠳᠠᠢ ᠮᠣᠷᠢᠨ ᠤ ᠬᠡᠷᠡᠭᠰᠡᠯ ᠤᠨ ᠨᠢᠭᠡ ᠨᠢ ᠪᠣᠯᠣᠨ᠎ᠠ᠃ ᠡᠭᠦᠨ ᠤ ᠬᠠᠮᠲᠤ ᠲᠡᠷᠡ ᠨᠢ ᠪᠠᠶᠢᠯᠳᠤᠭᠠᠨᠲᠤ ᠤᠯᠤᠰ ᠤᠨ ᠦᠶ᠎ᠡ ᠶᠢᠨ ᠵᠢᠩ ᠬᠡᠮᠵᠢᠭᠦᠷ ᠤᠨ ᠳᠦᠷᠢᠮ᠂ ᠤᠷᠠᠨ ᠪᠢᠴᠢᠯᠭᠡ ᠵᠢᠴᠢ ᠡᠷᠲᠡ ᠦᠶ᠎ᠡ ᠶᠢᠨ ᠨᠡᠬᠦᠳᠡᠯᠯᠡᠨ ᠮᠠᠯᠵᠢᠵᠤ ᠪᠠᠶᠢᠭᠰᠠᠨ ᠦᠨᠳᠦᠰᠦᠲᠡᠨ ᠬᠢᠭᠡᠳ ᠵᠦᠩᠶᠤᠸᠠᠨ ᠣᠷᠣᠨ ᠤ ᠲᠠᠷᠢᠶᠠᠯᠠᠬᠤ ᠦᠨᠳᠤᠰᠤᠳᠡᠨ ᠤ ᠰᠣᠶᠣᠯ ᠤᠨ ᠬᠠᠷᠢᠯᠴᠠᠭ᠎ᠠ ᠵᠡᠷᠭᠡ ᠶᠢ ᠰᠤᠳᠤᠯᠬᠤ ᠲᠠᠯ᠎ᠠ ᠪᠠᠷ ᠮᠠᠰᠢ ᠴᠢᠬᠤᠯᠠ ᠦᠨ᠎ᠡ ᠦᠷᠳᠡᠭ ᠲᠠᠢ ᠶᠤᠮ᠃
虎头形银节约.png
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ