ᠭᠤᠲᠤᠯ ᠤᠨ ᠤᠯᠠ ᠬᠡᠯᠪᠡᠷᠢᠳᠤ ᠮᠥᠩᠭᠦᠨ ᠵᠠᠰᠠᠯ ᠤᠨ ᠢᠯᠲᠠᠰᠤ
ᠨᠡᠶᠢᠲᠡᠯᠡᠭᠰᠡᠨ ᠴᠠᠭ᠄
2024/7/2
      ᠣᠷᠳᠣᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠰᠢᠬᠤᠢ ᠶᠢᠨ ᠭᠤᠤᠯ ᠤᠨ ᠤᠩᠭᠤᠨ ᠠᠴᠠ ᠤᠯᠳᠠᠭᠰᠠᠨ ᠪᠠᠶᠢᠯᠳᠤᠭᠠᠨᠳᠤ ᠤᠯᠤᠰ ᠤᠨ ᠦᠶ᠎ᠡ ᠶᠢᠨ ᠭᠤᠲᠤᠯ ᠤᠨ ᠤᠯᠠ ᠬᠡᠯᠪᠡᠷᠢᠳᠤ ᠮᠥᠩᠭᠦᠨ ᠵᠠᠰᠠᠯ ᠤᠨ ᠢᠯᠲᠠᠰᠤ ᠨᠢ ᠵᠤᠤᠪᠠᠩ ᠬᠡᠯᠪᠡᠷᠢ ᠲᠠᠢ᠂ ᠤᠷᠳᠤ ᠪᠠᠷ ᠢᠶᠠᠨ 25.2 ᠰᠠᠨᠲ᠋ᠢᠮᠧᠲᠷ᠂ ᠥᠷᠭᠡᠨ ᠢᠶᠠᠷ ᠢᠶᠠᠨ 8.85 ᠰᠠᠨᠲ᠋ᠢᠮᠧᠲᠷ᠂ ᠵᠤᠵᠠᠭᠠᠨ ᠢᠶᠠᠷ ᠢᠶᠠᠨ 0.1 ᠰᠠᠨᠲ᠋ᠢᠮᠧᠲᠷ᠂ ᠤᠳᠤ ᠣᠷᠳᠣᠰ ᠤᠨ ᠬᠦᠷᠡᠯ ᠪᠠᠭᠠᠵᠢ ᠶᠢᠨ ᠮᠦᠽᠧᠢ ᠳᠤ ᠬᠠᠳᠠᠭᠠᠯᠠᠭᠳᠠᠵᠤ ᠪᠤᠢ᠃
靴底形银饰片.jpg
      ᠭᠤᠲᠤᠯ ᠤᠨ ᠤᠯᠠ ᠬᠡᠯᠪᠡᠷᠢᠳᠤ ᠮᠥᠩᠭᠦᠨ ᠵᠠᠰᠠᠯ ᠤᠨ ᠢᠯᠲᠠᠰᠤ ᠶᠢᠨ ᠡᠮᠦᠨ᠎ᠡ ᠠᠯᠠᠭ᠎ᠠ᠂ ᠤᠯᠠ ᠪᠠ ᠪᠣᠷᠪᠢ ᠪᠠᠷ ᠨᠢ ᠲᠤᠰ ᠲᠤᠰ ᠡᠷᠭᠢᠭᠦᠯᠭᠡᠨ ᠬᠡᠯᠪᠡᠷᠢ ᠲᠠᠢ ᠴᠠᠭᠠᠷᠢᠭ ᠢ ᠮᠦᠩᠬᠦᠨ ᠢᠯᠳᠠᠰᠤ ᠪᠠᠷ ᠴᠣᠭᠤᠯᠪᠤᠷᠢᠯᠠᠵᠤ᠂ ᠭᠤᠷᠪᠠᠨ ᠲᠣᠭᠤᠷᠢᠭ ᠢ ᠨᠢᠬᠡ ᠴᠤᠭᠴᠠ ᠪᠤᠯᠭᠠᠨ ᠬᠤᠯᠪᠤᠭᠰᠠᠨ ᠬᠤᠶᠠᠷ ᠬᠤᠣᠰ ᠲᠠᠰᠢᠭᠤᠪᠴᠢ ᠭᠤᠷᠪᠠᠯᠵᠢᠨ ᠲᠠᠢ᠃ ᠢᠯᠳᠠᠰᠤ ᠶᠢᠨ ᠬᠦᠪᠡᠭᠡ ᠳᠠᠭᠠᠤ ᠬᠤᠶᠠᠷ ᠬᠤᠶᠠᠷ ᠢᠶᠠᠷ ᠨᠢᠭᠡ ᠢᠵᠢ ᠪᠤᠯᠭᠠᠨ ᠴᠤᠭᠤᠯᠤᠭᠰᠠᠨ 6 — 7 ᠢᠵᠢ ᠨᠦᠬᠡ ᠨᠢ ᠳᠡᠩᠴᠡᠬᠦᠦ ᠪᠤᠰᠤ ᠪᠠᠷ ᠲᠠᠷᠬᠠᠵᠤ᠂ ᠡᠨᠡ ᠨᠢ ᠲᠠᠯᠢᠶᠭᠴᠢ ᠶᠢᠨ ᠭᠤᠲᠤᠯ ᠤᠨ ᠤᠯᠠ ᠲᠠᠢ ᠣᠶᠣᠵᠤ ᠡᠯᠭᠦᠬᠦ ᠳᠤ ᠬᠡᠷᠡᠭᠯᠡᠳᠡᠭ᠃ ᠡᠨᠡ ᠬᠦ ᠮᠥᠩᠭᠦᠨ ᠵᠠᠰᠠᠯ ᠨᠢ ᠣᠩᠭᠤᠨ ᠤ ᠡᠵᠡᠨ ᠤ ᠪᠠᠶᠢᠷᠢ ᠰᠠᠭᠤᠷᠢ ᠶᠢ ᠲᠥᠯᠥᠭᠡᠯᠡᠵᠦ᠂ ᠳᠡᠭᠡᠳᠦ ᠳᠠᠪᠬᠤᠷᠭ᠎ᠠ ᠶᠢᠨ ᠬᠦᠮᠦᠨ ᠬᠡᠳᠡᠭ ᠢ ᠬᠠᠷᠠᠭᠤᠯᠵᠤ ᠪᠤᠢ᠃ ᠥᠯᠵᠡᠶᠢᠲᠦ ᠡᠭᠦᠯᠡᠨ ᠤ ᠬᠡᠯᠪᠡᠷᠢ ᠲᠠᠢ ᠬᠡ ᠤᠭᠠᠯᠵᠠ ᠲᠠᠢ᠂ ᠡᠳ᠋ ᠪᠣᠳᠠᠰ ᠤᠨ ᠳᠦᠷᠰᠦ ᠪᠦᠲᠦᠭᠡᠯᠲᠡ ᠨᠢ ᠨᠡᠭᠦᠳᠡᠯ ᠰᠣᠶᠣᠯ ᠤᠨ ᠣᠨᠴᠠᠯᠢᠭ ᠢᠶᠠᠷ ᠢᠯᠡ ᠲᠣᠳᠣ ᠪᠥᠭᠡᠳ ᠬᠤᠶᠠᠷ ᠵᠦᠢᠯ ᠤᠨ ᠰᠣᠶᠣᠯ ᠤᠨ ᠡᠯᠧᠮᠧᠨ᠋ᠲ ᠨᠢᠭᠡ ᠵᠠᠰᠠᠯ ᠤᠨ ᠡᠳ᠋ ᠲᠤ ᠠᠭᠤᠰᠴᠤ᠂ ᠠᠳᠠᠯᠢ ᠪᠤᠰᠤ ᠦᠨᠳᠦᠰᠦᠲᠡᠨ ᠤ ᠬᠠᠷᠢᠯᠴᠠᠭ᠎ᠠ ᠪᠠ ᠰᠣᠶᠣᠯ ᠤᠨ ᠰᠣᠯᠢᠯᠴᠠᠭ᠎ᠠ ᠶᠢ ᠳᠤᠯᠢᠳᠤᠭᠤᠯᠤᠨ ᠬᠠᠷᠠᠭᠤᠯᠵᠠᠢ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ