ᠪᠠᠷᠰ ᠪᠤᠳᠤᠩ ᠤᠨ ᠰᠠᠶᠢᠯᠪᠤᠷᠢᠳᠤ ᠠᠯᠳᠠᠨ ᠵᠠᠰᠠᠯ ᠤᠨ ᠫᠠᠶᠢᠰᠠ
ᠨᠡᠶᠢᠲᠡᠯᠡᠭᠰᠡᠨ ᠴᠠᠭ᠄
2024/7/17
      ᠡᠨᠡ ᠬᠦ ᠵᠠᠰᠠᠯ ᠤᠨ ᠫᠠᠶᠢᠰᠠ ᠵᠡᠭᠦᠨᠭᠠᠷ ᠬᠤᠰᠢᠭᠤᠨ ᠤ ᠰᠢ ᠭᠸᠤ ᠫᠠᠨ ᠤ ᠪᠠᠶᠢᠯᠳᠤᠭᠠᠨᠲᠤ ᠤᠯᠤᠰ ᠤᠨ ᠤᠡᠭᠭᠤᠨ ᠠᠴᠠ ᠣᠯᠳᠠᠵᠠᠢ᠃ ᠤᠷᠲᠤ ᠳᠥᠷᠪᠡᠯᠵᠢᠨ ᠬᠡᠯᠪᠡᠷᠢ ᠲᠠᠢ᠂ ᠬᠦᠪᠡᠭᠡ ᠪᠠᠷ ᠢᠶᠠᠨ ᠳᠡᠬᠡᠰᠤᠨ ᠤᠭᠠᠯᠵᠠ ᠲᠠᠢ᠃ ᠭᠤᠣᠯ ᠵᠢᠷᠤᠭ ᠨᠢ ᠳᠣᠭᠰᠢᠨ ᠪᠠᠷᠰ ᠪᠠ ᠪᠤᠳᠤᠩ ᠭᠠᠭ᠋ᠠᠢ ᠵᠠᠭᠤᠷᠠᠯᠳᠤᠨ ᠳᠡᠮᠡᠴᠡᠯᠳᠤᠵᠤ ᠪᠠᠶᠢᠭ᠎ᠠ ᠪᠠᠶᠢᠳᠠᠯ ᠢ ᠭᠦᠢᠬᠡᠨ ᠭᠦᠳᠦᠭᠦᠷ ᠰᠡᠶᠢᠯᠦᠮᠡᠯ ᠤᠨ ᠠᠷᠭ᠎ᠠ ᠪᠠᠷ ᠢᠯᠡᠳᠬᠡᠵᠡᠢ᠄ ᠳᠤᠤᠷ᠎ᠠ ᠳᠠᠯ᠎ᠠ ᠳᠤ ᠨᠢ ᠳᠣᠭᠰᠢᠨ ᠪᠠᠷᠰ ᠬᠡᠪᠡᠯᠢ ᠶᠢᠨ ᠬᠡᠰᠡᠭ ᠢᠶᠠᠷ ᠭᠠᠵᠠᠷ ᠲᠤᠯᠵᠤ᠂ ᠡᠮᠦᠨ᠎ᠡ ᠮᠥᠴᠢ ᠨᠢ ᠪᠦᠬᠦ ᠬᠦᠴᠦ ᠪᠠᠷ ᠢᠶᠠᠨ ᠳᠡᠬᠡᠳᠤ ᠪᠡᠶ᠎ᠡ ᠪᠠᠨ ᠲᠤᠯᠵᠤ᠂ ᠲᠣᠯᠣᠭᠠᠢ ᠪᠠᠨ ᠭᠡᠳᠡᠶᠢᠨ ᠠᠮᠠ ᠪᠠᠨ ᠠᠩᠭᠠᠶᠢᠨ ᠪᠤᠳᠤᠩ ᠭᠠᠭ᠋ᠠᠢ ᠶᠢᠨ ᠬᠤᠶᠢᠲᠤ ᠭᠤᠶ᠎ᠠ ᠠᠴᠠ ᠵᠠᠭᠤᠵᠤ᠂ ᠬᠤᠶᠢᠲᠤ ᠮᠥᠴᠢ ᠨᠢ ᠪᠤᠳᠤᠩ ᠭᠠᠭ᠋ᠠᠢ ᠶᠢ ᠭᠢᠰᠬᠢᠨ᠂ ᠰᠡᠭᠦᠯ ᠪᠠᠨ ᠤᠨᠵᠢᠭᠤᠯᠤᠨ ᠰᠠᠯᠲᠠᠭ᠎ᠠ ᠶᠢᠨ ᠬᠡᠰᠡᠭ ᠢᠶᠠᠷ ᠳᠡᠮᠵᠢᠨ ᠬᠤᠶᠢᠰᠢ ᠪᠠᠨ ᠨᠢᠷᠤᠭᠤᠨ ᠤ ᠬᠡᠰᠡᠭ ᠬᠦᠷᠲᠡᠯ᠎ᠡ  ᠮᠤᠷᠤᠶᠢᠯᠭᠠᠵᠠᠢ᠃ ᠪᠤᠳᠤᠩ ᠭᠠᠭ᠋ᠠᠢ ᠬᠡᠳᠦᠶᠢᠪᠡᠷ ᠳᠡᠬᠡᠷ᠎ᠡ ᠳᠠᠯ᠎ᠠ ᠳᠤ ᠨᠢ ᠪᠠᠶᠢᠵᠤ ᠪᠠᠭᠤᠷᠠᠢ ᠪᠠᠶᠢᠳᠠᠯ ᠳᠤ ᠪᠠᠶᠢᠭᠰᠠᠨ ᠴᠤ ᠲᠤᠭᠰᠢᠨ ᠪᠠᠷᠰ ᠤᠨ ᠬᠤᠶᠢᠲᠤ ᠮᠥᠴᠢ ᠶᠢ ᠵᠠᠭᠤᠵᠤ ᠬᠦᠴᠦᠯᠡᠨ ᠡᠰᠡᠷᠭᠦᠴᠡᠵᠦ᠂ ᠬᠤᠶᠠᠷ ᠡᠲᠡᠭᠡᠳ ᠢᠶᠠᠷ ᠢᠶᠠᠨ ᠪᠦᠷ ᠬᠦᠴᠦᠯᠡᠵᠤ ᠪᠠᠶᠢᠭ᠎ᠠ ᠶᠢ ᠢᠯᠡᠷᠡᠬᠦᠯᠵᠡᠢ᠃
虎豕咬斗纹金饰牌.jpg     
      ᠵᠠᠰᠠᠯ ᠤᠨ ᠫᠠᠶᠢᠰᠠ ᠶᠢᠨ ᠠᠷᠤ ᠲᠠᠯ᠎ᠠ ᠶᠢ ᠨᠢ ᠬᠠᠶᠢᠯᠤᠮᠠᠯ ᠬᠡᠪ ᠤᠨ ᠠᠷᠭ᠎ᠠ ᠪᠠᠷ ᠴᠢᠳᠬᠤᠵᠤ ᠦᠢᠯᠡᠳᠬᠦ ᠦᠶᠡᠰ ᠤᠨ ᠤᠨ ᠬᠡᠪ ᠲᠤ  ᠪᠦᠳᠦᠬᠦᠯᠢᠭ ᠵᠤᠳᠤᠩ ᠪᠦᠰ ᠤᠨ ᠤᠷᠤ ᠮᠦᠷ ᠳᠦᠬᠦᠷᠡᠩ ᠦᠯᠡᠳᠡᠵᠤ᠂ ᠬᠦᠪᠡᠭᠡ ᠬᠠᠵᠠᠭᠤ ᠪᠠᠷ ︽ᠨᠢᠭᠡ ᠵᠢᠩ ᠲᠠᠪᠤᠨ ᠯᠠᠩ ᠲᠦᠷᠪᠡᠨ ᠵᠦ ᠠᠷᠠᠢ ᠬᠦᠷᠬᠦ ᠦᠬᠡᠢ︾ ᠬᠡᠮᠡᠬᠦ ᠨᠢᠬᠡ ᠮᠦᠷ ᠦᠰᠦᠭ ᠰᠡᠶᠢᠯᠵᠡᠢ᠃ ᠡᠨᠡᠬᠦ ᠦᠰᠦᠭ ᠤᠨ ᠲᠢᠭ ᠨᠢ ᠪᠠᠶᠢᠯᠳᠤᠭᠠᠨᠳᠤ ᠤᠯᠤᠰ ᠤᠨ ᠰᠡᠬᠦᠯᠴᠢ ᠦᠶ᠎ᠡ ᠶᠢᠨ ᠴᠢᠨ ᠤᠯᠤᠰ ᠤᠨ ᠬᠦᠮᠦᠨ ᠤ ᠪᠢᠴᠢᠯᠬᠡ  ᠶᠢᠨ ᠤᠨᠴᠠᠯᠢᠭ ᠲᠠᠢ ᠶᠤᠮ᠃
微信图片_20240412085827.jpg  
     ᠡᠨᠡ ᠬᠦ ᠵᠠᠰᠠᠯ ᠤᠨ ᠫᠠᠶᠢᠰᠠ ᠶᠢᠨ ᠳᠦᠷᠰᠦ ᠪᠦᠲᠦᠭᠡᠯᠲᠡ ᠨᠢ ᠠᠮᠢᠳᠤᠯᠢᠭ᠂ ᠠᠮᠢᠲᠠᠨ ᠤ ᠳᠦᠷᠢ ᠲᠥᠷᠬᠦ ᠨᠢ ᠠᠮᠢᠳᠤ ᠳᠦᠷᠰᠦᠯᠢᠭ ᠢᠶᠠᠷ ᠪᠠᠷᠠᠬᠤ ᠦᠭᠡᠢ᠂ ᠬᠤᠶᠢᠲᠤ ᠮᠦᠴᠢᠨ ᠳᠡᠬᠡᠷ᠎ᠡ ᠪᠠᠨ ᠡᠷᠬᠢᠨ ᠬᠥᠷᠪᠡᠭᠰᠡᠨ ᠷᠣᠮᠠᠨᠲ᠋ᠢᠭ ᠦᠵᠡᠯ ᠤᠨ ᠬᠡᠪ ᠨᠠᠮᠪᠠ ᠨᠢ ᠡᠷᠲᠡ ᠦᠶ᠎ᠡ ᠶᠢᠨ ᠨᠡᠭᠦᠳᠡᠯ ᠰᠣᠶᠣᠯ ᠤᠨ ᠤᠷᠠᠯᠢᠭ ᠤᠨ ᠣᠬᠢ ᠪᠦᠲᠦᠭᠡᠯ ᠪᠣᠯᠤᠭᠰᠠᠨ ᠶᠤᠮ᠃ ᠬᠤᠶᠢᠳᠤ ᠮᠦᠴᠢ ᠳᠡᠬᠡᠷ᠎ᠡ ᠪᠠᠨ ᠡᠷᠬᠢᠵᠤ ᠬᠦᠷᠪᠡᠭᠰᠡᠨ ᠳᠦᠷᠰᠦ ᠪᠦᠲᠦᠭᠡᠯᠲᠡ ᠭᠡᠳᠡᠭ ᠨᠢ ᠦᠨᠡᠨ ᠳᠡᠭᠡᠨ ᠠᠮᠢᠲᠠᠨ ᠤ ᠲᠡᠮᠡᠴᠡᠯᠳᠦᠨ ᠬᠥᠷᠪᠡᠬᠦ ᠦᠶ᠎ᠡ ᠶᠢᠨ ᠭᠱᠠᠨ ᠵᠠᠭᠤᠷ᠎ᠠ ᠶᠢᠨ ᠬᠦᠳᠡᠯᠬᠡᠬᠡᠨ ᠠᠴᠠ ᠰᠡᠳᠦᠪᠯᠡᠭᠰᠡᠨ ᠶᠤᠮ᠃       ᠡᠭᠦᠨ ᠠᠴᠠ ᠭᠠᠳᠠᠨ᠎ᠠ᠂ ᠲᠤᠰ ᠵᠠᠰᠠᠯ ᠤᠨ ᠫᠠᠶᠢᠰᠠ ᠳᠤ ᠪᠠᠰᠠ ᠪᠠᠶᠢᠯᠳᠤᠭᠠᠨᠲᠤ ᠤᠯᠤᠰ ᠤᠨ ᠦᠶ᠎ᠡ ᠶᠢᠨ ᠬᠡᠮᠵᠢᠭᠦᠷ ᠤᠨ ᠳᠦᠷᠢᠮ᠂ ᠤᠷᠠᠨ ᠪᠢᠴᠢᠯᠭᠡ᠂ ᠲᠡᠮᠦᠷᠯᠢᠭ ᠴᠢᠳᠬᠤᠬᠤ ᠮᠡᠷᠭᠡᠵᠢᠯ ᠵᠢᠴᠢ ᠨᠡᠭᠦᠳᠡᠯᠯᠡᠨ ᠮᠠᠯᠵᠢᠬᠤ ᠦᠨᠳᠦᠰᠦᠲᠡᠨ ᠬᠢᠭᠡᠳ ᠲᠠᠷᠢᠶᠠᠯᠠᠬᠤ ᠦᠨᠳᠦᠰᠦᠲᠡᠨ ᠤ ᠰᠣᠶᠣᠯ ᠤᠨ ᠰᠣᠯᠢᠯᠴᠠᠭ᠎ᠠ ᠠᠭᠤᠰᠤᠯᠴᠠᠯ ᠵᠡᠷᠭᠡ ᠬᠦᠷᠢᠶ᠎ᠡ ᠬᠡᠪᠴᠢᠶᠡᠨ ᠳᠠᠬᠢ ᠮᠠᠰᠢ ᠤᠯᠠᠨ ᠰᠤᠷᠠᠭ ᠵᠠᠩᠭᠢ ᠶᠢ  ᠪᠠᠭᠳᠠᠭᠠᠵᠤ ᠪᠠᠶᠢᠳᠠᠭ ᠠᠴᠠ ᠲᠤᠶᠢᠯ ᠤᠨ ᠬᠤᠪᠣᠷ ᠨᠠᠨᠳᠢᠨ ᠪᠠᠶᠢᠳᠠᠭ᠃
微信图片_20240412085821.png
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ