ᠡᠯᠢᠬᠡ ᠪᠠᠨ ᠰᠠᠶᠢᠳᠤᠷ ᠬᠠᠮᠠᠭᠠᠯᠠᠶ᠎ᠠ︕
ᠨᠡᠶᠢᠲᠡᠯᠡᠭᠰᠡᠨ ᠴᠠᠭ᠄
2024/7/1
     ᠡᠯᠢᠬᠡ ᠪᠤᠯ ᠳᠠᠪᠤᠨ ᠴᠤᠯᠤ ᠶᠢᠨ ᠳᠤᠳᠤᠷᠠᠬᠢ ᠤᠳᠠᠭᠠᠯᠢᠭ᠂ ᠳᠠᠭᠠᠭᠠᠴᠠ ᠲᠠᠢ᠂ ᠤᠶᠠᠨ ᠬᠠᠳᠠᠨ ᠴᠢᠨᠠᠷ  ᠢᠶᠠᠷ ᠴᠢᠩᠭ᠎ᠠ ᠡᠷᠬᠡᠳᠡᠨ ᠪᠤᠯᠤᠨ᠎ᠠ᠃ ᠶᠠᠭ ᠡᠬᠦᠨ ᠠᠴᠠ ᠪᠤᠯᠵᠤ ᠡᠯᠢᠬᠡ ᠨᠢ ᠬᠡᠳᠤᠷᠬᠡᠢ ᠶᠠᠳᠠᠷᠠᠬᠤ ᠪᠤᠶᠤ ᠡᠪᠡᠳᠴᠢᠯᠡᠭᠰᠡᠨ ᠴᠤ ᠰᠢᠨᠵᠢ ᠢᠯᠡᠷᠡᠯ ᠨᠢ ᠢᠯᠡᠷᠬᠡᠢ ᠪᠢᠰᠢ ᠪᠠᠶᠢᠳᠠᠭ᠃ ᠡᠶᠢᠮᠤ ᠠᠴᠠ ᠪᠢᠳᠠ ᠡᠳᠤᠷ ᠳᠤᠳᠤᠮ ᠤᠨ ᠠᠮᠢᠳᠤᠷᠠᠯ ᠳᠤᠮᠳᠠ ᠪᠠᠨ ᠡᠯᠢᠬᠡᠨ ᠤ ᠡᠷᠡᠬᠦᠯ ᠮᠡᠨᠳᠤ ᠳᠤ ᠠᠰᠢᠭ ᠦᠬᠡᠢ ᠳᠠᠳᠬᠠᠯ ᠢᠶᠠᠨ ᠳᠠᠶᠠᠭᠳᠠᠨ᠂ ᠡᠷᠡᠬᠦᠯ ᠰᠠᠷᠠᠭᠤᠯ ᠠᠮᠢᠳᠤᠷᠠᠯ ᠢ ᠬᠦᠬᠡᠬᠡᠯᠴᠡᠳᠤᠶ᠎ᠡ᠃       ᠡᠯᠢᠬᠡ ᠶᠢ ᠬᠡᠮᠳᠤᠬᠡᠳᠡᠭ ᠡᠷᠡᠬᠦᠯ ᠪᠤᠰᠤ ᠠᠮᠢᠳᠤᠷᠠᠯ ᠤᠨ ᠳᠠᠳᠬᠠᠯ       ᠬᠦᠳᠡᠯᠬᠦ ᠦᠬᠡᠢ ᠤᠳᠠᠭᠠᠨ ᠰᠠᠭᠤᠬᠤ       ᠡᠯᠢᠬᠡ ᠨᠢ ᠦᠶ᠎ᠡ ᠬᠡᠰᠢᠬᠦᠦ᠂ ᠪᠤᠯᠴᠢᠩ ᠰᠢᠷᠪᠤᠰᠤ ᠪᠠᠷ ᠳᠠᠮᠵᠢᠨ ᠰᠢᠩᠬᠡᠬᠡᠯᠳᠡ ᠶᠢᠨ ᠦᠢᠯᠡᠳᠤᠯ ᠢᠶᠠᠨ ᠪᠠᠳᠠᠷᠠᠭᠤᠯᠵᠤ ᠪᠠᠶᠢᠳᠠᠭ᠃ ᠬᠡᠷᠪᠡ ᠤᠷᠳᠤ ᠬᠤᠭᠤᠴᠠᠭ᠎ᠠ ᠬᠦᠳᠡᠯᠬᠦ ᠦᠬᠡᠢ ᠰᠠᠭᠤᠪᠠᠯ᠂ ᠡᠯᠢᠬᠡᠨ ᠤ ᠬᠡᠪ ᠤᠨ ᠠᠵᠢᠯᠯᠠᠭ᠎ᠠ ᠶᠢ ᠨᠦᠯᠦᠬᠡᠯᠡᠨ᠂ ᠡᠯᠢᠬᠡ ᠶᠢ ᠠᠮᠠᠷᠬᠠᠨ ᠬᠡᠮᠳᠤᠬᠡᠵᠤ ᠮᠡᠳᠡᠨ᠎ᠡ᠃       ᠠᠷᠢᠬᠢ ᠳᠠᠮᠠᠬᠢ ᠶᠢ ᠬᠡᠳᠤ ᠡᠳ᠋ᠯᠡᠬᠦ       ᠠᠷᠢᠬᠢ ᠨᠢ ᠡᠯᠢᠬᠡ ᠶᠢ ᠦᠬᠡᠬᠦᠯᠡᠬᠦ ᠪᠤᠶᠤ ᠰᠫᠢᠷᠲ ᠤᠨ ᠴᠢᠨᠠᠷᠳᠠᠢ ᠡᠯᠢᠬᠡᠨ ᠤ ᠡᠪᠡᠳᠴᠢᠨ ᠳᠤ ᠨᠡᠷᠪᠡᠭᠳᠡᠬᠦᠯᠬᠦ ᠠᠶᠤᠯ ᠲᠠᠢ᠂ ᠳᠠᠮᠠᠬᠢᠨ ᠤᠳᠤᠭᠠᠨ ᠳᠤ ᠠᠭᠤᠯᠤᠭᠳᠠᠵᠤ ᠪᠠᠶᠢᠭ᠎ᠠ ᠮᠢᠩᠭᠠᠳ ᠲᠦᠷᠦᠯ ᠤᠨ ᠬᠤᠤᠷᠳᠤ ᠪᠤᠳᠠᠰ ᠨᠢ ᠬᠦᠮᠦᠨ ᠤ ᠡᠯ᠎ᠡ ᠡᠷᠬᠡᠳᠡᠨ ᠢ ᠠᠳᠠᠯᠢ ᠪᠤᠰᠤ ᠬᠡᠮᠵᠢᠶ᠎ᠡ ᠪᠠᠷ ᠬᠡᠮᠳᠤᠬᠡᠳᠡᠭ᠃       ᠳᠤᠷ᠎ᠠ ᠪᠠᠷ ᠡᠮ ᠳᠠᠩ ᠤᠤᠭᠤᠬᠤ       ᠡᠮᠴᠢ ᠶᠢᠨ ᠵᠢᠭᠠᠪᠤᠷᠢ ᠪᠠᠷ ᠡᠮ ᠤᠤᠭᠤᠨ᠎ᠠ᠃ ᠶᠠᠭᠠᠬᠢᠭᠰᠠᠨ ᠴᠤ ᠳᠤᠷ᠎ᠠ ᠪᠠᠷ ᠠᠪᠴᠤ ᠤᠤᠭᠤᠵᠤ ᠪᠤᠯᠬᠤ ᠦᠬᠡᠢ᠂ ᠤᠯᠠᠨ ᠵᠦᠢᠯ ᠤᠨ ᠡᠮ ᠢ ᠨᠡᠶᠢᠯᠡᠬᠦᠯᠵᠤ ᠤᠤᠭᠤᠪᠠᠯ ᠡᠮ ᠨᠢ ᠬᠤᠭᠤᠷᠤᠨᠳᠤ ᠪᠠᠨ ᠦᠢᠯᠡᠳᠤᠯᠴᠢᠬᠡᠳ᠂ ᠡᠯᠢᠬᠡ ᠶᠢᠨ ᠡᠮ ᠢ ᠰᠢᠩᠬᠡᠬᠡᠨ ᠢᠯᠭᠠᠷᠠᠭᠤᠯᠬᠤ ᠴᠢᠳᠠᠪᠤᠷᠢ ᠶᠢ ᠳᠤᠷᠤᠶᠢᠳᠠᠭᠤᠯᠳᠠᠭ᠃       ᠬᠡᠳᠤᠷᠡᠳᠡᠯ᠎ᠡ ᠢᠳᠡᠵᠤ ᠤᠤᠭᠤᠬᠤ       ᠮᠢᠬ᠎ᠠ ᠳᠤᠰᠤ᠂ ᠳᠤᠰᠤᠨ ᠳᠤ ᠪᠤᠴᠠᠯᠭᠠᠭᠰᠠᠨ ᠳᠤᠰᠤᠯᠢᠭ ᠢᠳᠡᠬᠡᠨ ᠠᠷᠪᠢᠨ ᠢᠳᠡᠬᠦ ᠡᠰᠡᠬᠦᠯ᠎ᠡ ᠴᠠᠭ ᠤᠨ ᠬᠤᠭᠤᠯᠠ ᠪᠠᠨ ᠬᠡᠳᠤᠷᠳᠡᠯ᠎ᠡ ᠢᠳᠡᠬᠦ ᠵᠡᠷᠬᠡ ᠨᠢ ᠬᠦᠮᠦᠨ ᠤ ᠪᠡᠶ᠎ᠡ ᠳᠤ ᠶᠡᠭᠡ ᠬᠡᠮᠵᠢᠶᠡᠨ ᠤ ᠦᠬᠡᠬᠦ ᠶᠢ ᠪᠤᠢ ᠪᠤᠯᠭᠠᠳᠠᠭ᠂ ᠡᠳᠡᠬᠡᠷ ᠦᠬᠡᠬᠦ ᠨᠢ ᠡᠯᠢᠬᠡᠨ ᠳᠤ ᠬᠤᠷᠠᠨ ᠴᠤᠭᠯᠠᠷᠠᠵᠤ᠂ ᠡᠯᠢᠬᠡᠨ ᠤ ᠬᠡᠪ ᠤᠨ ᠠᠵᠢᠯᠯᠠᠭ᠎ᠠ ᠶᠢ ᠬᠦᠨᠳᠤᠷᠡᠬᠦᠯᠳᠡᠭ᠃       ᠡᠷᠡᠬᠦᠯ ᠴᠢᠬᠢᠷᠠᠭ ᠠᠮᠢᠳᠤᠷᠠᠯ ᠤᠨ ᠳᠠᠳᠬᠠᠯ ᠢ ᠪᠤᠢ ᠪᠤᠯᠭᠠᠨ᠎ᠠ       ᠠᠮᠢᠳᠤᠷᠠᠯ ᠤᠨ ᠳᠤᠮᠳᠠ ᠢᠳᠡᠬᠡᠨ ᠤᠮᠳᠠᠭᠠᠨ ᠢ ᠵᠦᠢ ᠵᠤᠬᠢᠰᠳᠠᠢ ᠡᠳ᠋ᠯᠡᠨ᠂ ᠦᠷᠬᠦᠯᠵᠢ ᠵᠤᠬᠢᠬᠤ ᠬᠡᠮᠵᠢᠶᠡᠨ  ᠤ ᠬᠦᠳᠡᠯᠬᠡᠬᠡᠨ ᠬᠢᠵᠤ᠂ ᠬᠦᠢᠴᠡᠳ ᠤᠨᠳᠠᠯᠭ᠎ᠠ ᠶᠢ ᠪᠠᠷᠢᠮᠳᠠᠯᠠᠨ᠂ ᠬᠡᠳᠤ ᠤᠷᠤᠢ ᠤᠨᠳᠠᠬᠤ ᠶᠢ ᠴᠡᠬᠡᠷᠯᠡᠵᠤ᠂ ᠳᠤᠷ᠎ᠠ  ᠪᠠᠷ ᠡᠮ ᠳᠠᠩ ᠤᠤᠭᠤᠬᠤ ᠪᠤᠶᠤ ᠠᠷᠢᠬᠢ ᠶᠡᠭᠡ ᠤᠤᠭᠤᠬᠤ ᠠᠴᠠ ᠪᠤᠯᠭᠤᠮᠵᠢᠯᠠᠨ᠎ᠠ᠃       ᠳᠤᠭᠳᠠᠭᠰᠠᠨ ᠬᠤᠭᠤᠴᠠᠭ᠎ᠠ ᠲᠠᠢ ᠪᠠᠷ ᠡᠯᠢᠬᠡᠨ ᠤ ᠬᠠᠮᠢᠶ᠎ᠠ ᠲᠠᠢ ᠡᠷᠡᠬᠦᠯ ᠮᠡᠨᠳᠤ ᠶᠢᠨ ᠪᠠᠶᠢᠴᠠᠭᠠᠯᠳᠠ ᠬᠢᠯᠬᠡᠪᠡᠯ ᠵᠤᠬᠢᠨ᠎ᠠ᠃       ᠡᠯᠢᠬᠡᠨ ᠤ ᠡᠪᠡᠳᠴᠢᠨ ᠢ ᠡᠬᠦᠰᠬᠡᠵᠤ ᠮᠡᠳᠡᠬᠦ ᠡᠯᠧᠮᠧᠨ᠋ᠲ ᠤᠳ ᠢ ᠳᠠᠨᠢᠬᠤ ᠶᠢᠨ ᠵᠡᠷᠬᠡ ᠪᠠᠷ ᠤᠷᠢᠳᠴᠢᠯᠠᠨ ᠰᠡᠷᠬᠡᠶᠢᠯᠡᠯᠳᠡ ᠬᠢᠪᠡᠯ ᠵᠤᠬᠢᠨ᠎ᠠ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ