ᠰᠢᠷᠠᠭᠳᠠᠬᠤ ᠠᠴᠠ ᠰᠡᠷᠬᠡᠶᠢᠯᠡᠬᠦ ᠦᠢᠯᠡᠳᠬᠦᠨ ᠢ ᠰᠤᠩᠭᠤᠬᠤ ᠳᠤ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2024/6/26
      ᠡᠮᠨᠡᠯᠬᠡ ᠶᠢᠨ ᠠᠵᠢᠯᠳᠠᠨ ᠤ ᠰᠠᠨᠠᠭᠤᠯᠬᠤ ᠪᠠᠷ᠂ ᠰᠢᠷᠠᠭᠳᠠᠬᠤ ᠠᠴᠠ ᠰᠡᠷᠬᠡᠶᠢᠯᠡᠬᠦ ᠲᠦᠷᠦᠯ ᠤᠨ ᠦᠢᠯᠡᠳᠬᠦᠨ  ᠢ ᠰᠤᠩᠭᠤᠬᠤ ᠳᠤ ᠳᠤᠤᠷᠠᠬᠢ ᠬᠡᠳᠤᠨ ᠳᠤᠭ᠎ᠠ ᠶᠢ ᠴᠡᠬᠡᠵᠢᠯᠡᠵᠤ ᠪᠤᠯᠤᠨ᠎ᠠ᠃       1. ᠰᠢᠷᠠᠭᠳᠠᠬᠤ ᠠᠴᠠ ᠰᠡᠷᠬᠡᠶᠢᠯᠡᠬᠦ ᠮᠠᠯᠠᠭᠠᠢ ᠶᠢ ᠰᠤᠩᠭᠤᠬᠤ ᠳᠠᠭᠠᠨ ᠰᠠᠷᠠᠪᠴᠢ ᠨᠢ 7.5  ᠰᠡᠨᠲ᠋ᠢᠮᠧᠲᠷ  ᠠᠴᠠ ᠤᠷᠳᠤ ᠪᠠᠶᠢᠬᠤ ᠶᠢ ᠪᠤᠳᠤᠯᠬᠢᠯᠠᠨ᠎ᠠ᠃       2. ᠨᠠᠷᠠᠨ ᠠᠴᠠ ᠬᠠᠯᠬᠠᠯᠠᠬᠤ ᠰᠢᠬᠦᠷ ᠪᠠ ᠨᠠᠷᠠᠨ ᠠᠴᠠ ᠰᠡᠷᠬᠡᠶᠢᠯᠡᠬᠦ ᠬᠤᠪᠴᠠᠰᠤ ᠬᠤᠨᠠᠷ ᠢ ᠰᠤᠩᠭᠤᠬᠤ  ᠳᠠᠭᠠᠨ ᠬᠦᠷᠢᠨ ᠤ ᠭᠠᠳᠠᠨᠠᠬᠢ ᠳᠤᠶᠠᠭ᠎ᠠ ᠶᠢ ᠬᠠᠮᠠᠭᠠᠯᠠᠬᠤ ᠢᠯᠡᠳᠬᠡᠮᠵᠢ ᠨᠢ  ︵UPF︶ 25 ᠠᠴᠠ ᠶᠡᠭᠡ ᠪᠦᠳᠦᠬᠡᠭᠳᠡᠬᠦᠨ ᠢ ᠰᠤᠩᠭᠤᠪᠠᠯ ᠵᠤᠬᠢᠨ᠎ᠠ᠃       3. ᠰᠢᠷᠠᠭᠳᠠᠬᠤ ᠠᠴᠠ ᠰᠡᠷᠬᠡᠶᠢᠯᠡᠵᠤ ᠠᠷᠠᠰᠤ ᠶᠢ ᠬᠠᠮᠠᠭᠠᠯᠠᠬᠤ ᠪᠦᠳᠦᠬᠡᠭᠳᠡᠬᠦᠨ ᠨᠢ ᠭᠠᠳᠠᠭᠰᠢ ᠭᠠᠷᠬᠤ  ᠠᠴᠠ ᠡᠮᠤᠨ᠎ᠡ 20   ᠠᠴᠠ 30  ᠮᠢᠨᠦ᠋ᠲ ᠲᠤ ᠲᠦᠷᠬᠢᠵᠤ᠂ ᠶᠡᠷᠦᠳᠡᠬᠡᠨ 2 ᠠᠴᠠ 3 ᠴᠠᠭ ᠠᠯᠤᠰᠯᠠᠬᠤ ᠪᠦᠷᠢ ᠳᠠᠬᠢᠨ  ᠲᠦᠷᠬᠢᠪᠡᠯ ᠳᠤᠬᠢᠷᠠᠮᠵᠢᠳᠡᠢ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ