| | | | | ᠯᠢ ᠳ᠋ᠡ ᠵᠤᠤ ︵1889 — 1927︶᠂ ᠳᠤᠮᠳᠠᠳᠤ ᠤᠯᠤᠰ ᠤᠨ ᠡᠪ ᠬᠠᠮᠲᠤ ᠶᠣᠰᠣᠨ ᠤ ᠬᠥᠳᠡᠯᠭᠡᠭᠡᠨ ᠤ ᠬᠤᠰᠢᠭᠤᠴᠢ ᠪᠥᠭᠡᠳ ᠬᠠᠮᠤᠭ ᠠᠩᠬᠠᠨ ᠤ | ᠮᠠᠷᠺᠰ ᠤᠨ ᠦᠵᠡᠯᠲᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠤᠣᠯ ᠡᠭᠦᠰᠬᠡᠨ ᠪᠠᠶᠢᠭᠤᠯᠤᠭᠴᠢ ᠶᠢᠨ ᠨᠢᠭᠡ ᠮᠥᠨ᠃ | ᠯᠢ ᠳ᠋ᠡ ᠵᠤᠤ᠂ ᠡᠷᠡᠭᠲᠡᠢ᠂ ᠬᠢᠲᠠᠳ ᠦᠨᠳᠦᠰᠦᠲᠡᠨ᠂ ᠾᠧᠪᠧᠢ ᠮᠤᠵᠢ ᠶᠢᠨ ᠯᠤᠤ ᠲᠢᠩ ᠰᠢᠶᠠᠨ ᠤ ᠬᠥᠮᠥᠨ᠃ 1907 ᠣᠨ ᠤ ᠵᠤᠨ ᠠᠴᠠ 1913 ᠣᠨ | ᠤ ᠵᠤᠨ ᠪᠣᠯᠲᠠᠯ᠎ᠠ᠂ ᠲᠢᠶᠠᠨᠵᠢᠨ ᠤ ᠤᠮᠠᠷᠠᠲᠤ ᠶᠢᠨ ᠬᠠᠤᠯᠢ ᠴᠠᠭᠠᠵᠠ ᠤᠯᠤᠰ ᠲᠦᠷᠦ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠤᠷᠤᠯᠴᠠᠪᠠ᠃ 1913 | ᠣᠨ ᠤ ᠰᠡᠭᠦᠯᠴᠢ ᠪᠠᠷ ᠶᠠᠫᠤᠨ ᠳᠤ ᠬᠦᠷᠴᠦ ᠸᠠᠰᠧᠳᠠ ᠶᠡᠭᠡ ᠰᠣᠷᠭᠠᠭᠤᠯᠢ ᠰᠣᠷᠣᠯᠴᠠᠨ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯᠣᠨ ᠮᠠᠷᠺᠰ ᠤᠨ ᠦᠵᠡᠯ ᠤᠨ | ᠰᠣᠷᠭᠠᠯ ᠢ ᠬᠦᠷᠲᠡᠵᠦ ᠡᠬᠢᠯᠡᠵᠡᠢ᠃ ᠲᠡᠷᠡ ᠶᠠᠫᠤᠨ ᠳᠤ ᠪᠠᠶᠢᠬᠤ ᠬᠤᠭᠤᠴᠠᠭᠠᠨ ᠳᠠᠭᠠᠨ᠂ ᠶᠤᠸᠠᠨ ᠱᠢ ᠺᠠᠢ ᠶᠢᠨ ᠬᠠᠭᠠᠨ ᠰᠠᠭᠤᠷᠢᠨ ᠢ ᠰᠡᠷᠭᠦᠭᠡᠬᠦ ᠶᠢ ᠡᠰᠡᠷᠭᠦᠴᠡᠬᠦ᠂ | ᠤᠯᠤᠰ ᠢᠶᠠᠨ ᠬᠤᠳᠠᠯᠳᠤᠬᠤ ᠶᠢ ᠡᠰᠡᠷᠭᠦᠴᠡᠬᠦ ᠲᠡᠮᠡᠴᠡᠯ ᠳᠤ ᠣᠷᠣᠯᠴᠠᠭᠰᠠᠨ ᠪᠦᠭᠡᠳ ᠶᠠᠫᠤᠨᠴᠤᠳ ᠤᠨ ᠳᠣᠮᠳᠠᠳᠣ ᠣᠯᠣᠰ ᠢ ᠮᠦᠬᠦᠭᠡᠬᠦ ᠵᠣᠷᠢᠯᠭ᠎ᠠ ᠪᠠᠷ ︽ᠬᠤᠷᠢᠨ | ᠨᠢᠭᠡᠨ ᠵᠣᠷᠪᠣᠰ︾ ᠢ ᠳᠣᠷᠠᠳᠣᠭᠰᠠᠨ ᠤ ᠳᠠᠷᠠᠭ᠎ᠠ᠂ ᠯᠢ ᠳ᠋ᠠ ᠵᠤᠤ ᠶᠠᠫᠤᠨ ᠳᠤ ᠰᠣᠷᠣᠯᠴᠠᠵᠣ ᠪᠠᠶᠢᠭ᠎ᠠ ᠰᠣᠷᠣᠭᠴᠢᠳ ᠤᠨ ᠶᠡᠷᠦᠩᠬᠡᠢ ᠡᠪᠯᠡᠯ ᠤᠨ ᠣᠯᠣᠰ ᠢᠶᠠᠨ | ᠬᠠᠶᠢᠷᠠᠯᠠᠬᠤ ᠲᠡᠮᠡᠴᠡᠯ ᠳᠤ ᠢᠳᠡᠪᠬᠢᠯᠡᠨ ᠣᠷᠣᠯᠴᠠᠵᠤ᠂ ︽ᠪᠦᠬᠦ ᠣᠯᠣᠰ ᠤᠨ ᠠᠬᠠᠨ ᠳᠡᠭᠦᠦᠰ ᠲᠤ ᠰᠡᠷᠡᠮᠵᠢᠯᠡᠭᠦᠯᠬᠦ ᠪᠢᠴᠢᠭ︾ ᠢ ᠨᠡᠶᠢᠳᠡᠯᠡᠵᠦ᠂ ᠪᠦᠬᠦ ᠣᠯᠣᠰ | ᠤᠨ ᠠᠷᠠᠳ ᠲᠦᠮᠡᠨ ᠪᠦᠯᠬᠦᠮᠳᠡᠨ ᠲᠡᠮᠡᠴᠡᠵᠦ᠂ ᠦᠪᠡᠷ ᠤᠨ ᠣᠯᠣᠰ ᠣᠷᠣᠨ ᠢᠶᠠᠨ ᠬᠠᠮᠠᠭᠠᠯᠠᠬᠤ ᠶᠢ ᠣᠷᠢᠶᠠᠯᠠᠪᠠ᠃ | 1916 ᠣᠨ ᠤ 5 ᠳ᠋ᠤᠭᠠᠷ ᠰᠠᠷ᠎ᠠ ᠳᠤ ᠤᠯᠤᠰ ᠲᠠᠭᠠᠨ ᠪᠤᠴᠠᠵᠤ ᠢᠷᠡᠭᠰᠡᠨ ᠤ ᠳᠠᠷᠠᠭ᠎ᠠ ᠪᠡᠭᠡᠵᠢᠩ ᠤᠨ ︽ᠦᠦᠷ ᠤᠨ ᠬᠤᠩᠬᠤ ᠰᠣᠨᠢᠨ︾ ᠤ ᠭᠤᠣᠯ | ᠨᠠᠶᠢᠷᠠᠭᠤᠯᠤᠭᠴᠢ ᠪᠣᠯᠵᠠᠢ᠃ 1917 ᠣᠨ ᠤ 1 ᠳ᠋ᠦ᠋ᠭᠡᠷ ᠰᠠᠷ᠎ᠠ ᠳᠤ ᠪᠠᠰᠠ ︽ᠬᠦᠭᠡ ᠪᠠᠷᠰ︾ ᠰᠡᠳᠬᠦᠯ ᠤᠨ ᠨᠠᠶᠢᠷᠠᠭᠤᠯᠤᠭᠴᠢ ᠪᠣᠯᠪᠠ᠃ ᠡᠨᠡ ᠬᠤᠭᠤᠴᠠᠭᠠᠨ | ᠳᠤ᠂ ︽ᠬᠦᠬᠡ ᠪᠠᠷᠰ︾ ᠰᠡᠳᠭᠦᠯ᠂ ︽ᠰᠢᠨ᠎ᠡ ᠵᠠᠯᠠᠭᠤᠴᠤᠳ︾ ᠰᠡᠳᠬᠦᠯ ᠳᠡᠭᠡᠷ᠎ᠡ ᠠᠷᠠᠳᠴᠢᠯᠠᠭᠰᠠᠨ ᠦᠵᠡᠯ ᠤᠨ ᠦᠵᠡᠯ ᠰᠠᠨᠠᠭ᠎ᠠ ᠪᠠ ᠨᠡᠶᠢᠭᠡᠮ ᠤᠨ | ᠲᠠᠪᠰᠢᠯᠳᠠ ᠶᠢ ᠤᠬᠠᠭᠤᠯᠤᠭᠰᠠᠨ ᠵᠣᠬᠢᠶᠠᠯ ᠢ ᠴᠥᠭᠡᠨ ᠪᠤᠰᠤ ᠨᠡᠶᠢᠲᠡᠯᠡᠪᠡ᠃ 1917 ᠣᠨ ᠤ ᠰᠡᠭᠦᠯᠴᠢ ᠪᠠᠷ᠂ ᠪᠡᠭᠡᠵᠢᠩ ᠶᠡᠭᠡ ᠰᠤᠷᠭᠠᠭᠤᠯᠢ ᠶᠢᠨ ᠨᠣᠮ ᠤᠨ | ᠰᠠᠩ ᠤᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠭᠰᠠᠨ ᠪᠥᠭᠡᠳ ︽ᠰᠢᠨ᠎ᠡ ᠵᠠᠯᠠᠭᠤᠴᠤᠳ︾ ᠰᠡᠳᠭᠦᠯ ᠤᠨ ᠨᠠᠶᠢᠷᠠᠭᠤᠯᠬᠤ ᠬᠡᠯᠲᠡᠰ ᠤᠨ ᠠᠵᠢᠯ ᠳᠤ | ᠣᠷᠣᠯᠴᠠᠵᠤ᠂ ᠤᠷᠢᠳ ᠬᠤᠵᠢᠳ ᠪᠡᠭᠡᠵᠢᠩ ᠶᠡᠭᠡ ᠰᠤᠷᠭᠠᠭᠤᠯᠢ ᠶᠢᠨ ᠵᠥᠪᠯᠡᠯᠭᠡᠨ ᠤ ᠬᠤᠷᠠᠯ ᠤᠨ ᠵᠥᠪᠯᠡᠯᠭᠡᠨ ᠤ ᠭᠡᠰᠢᠭᠦᠨ᠂ ᠠᠵᠤ ᠠᠬᠤᠢ᠂ ᠲᠡᠦᠬᠡ ᠵᠡᠷᠭᠡ | ᠰᠠᠯᠪᠤᠷᠢ ᠶᠢᠨ ᠫᠷᠦᠹᠧᠰᠰᠤᠷ ᠪᠣᠯᠪᠠ᠃ ᠲᠡᠷᠡ ᠰᠢᠨ᠎ᠡ ᠰᠣᠶᠣᠯ ᠤᠨ ᠬᠥᠳᠡᠯᠭᠡᠭᠡᠨ ᠳᠤ ᠢᠳᠡᠪᠬᠢᠲᠡᠢ ᠣᠷᠣᠯᠴᠠᠵᠤ᠂ ᠠᠷᠠᠳᠴᠢᠯᠠᠯ᠂ ᠰᠢᠨᠵᠢᠯᠡᠬᠦ ᠤᠬᠠᠭᠠᠨ ᠤ ᠵᠣᠷᠢᠭ | ᠰᠠᠨᠠᠭ᠎ᠠ ᠶᠢ ᠤᠬᠠᠭᠤᠯᠤᠨ᠂ ᠬᠠᠭᠤᠴᠢᠨ ᠶᠣᠰᠣ ᠰᠤᠷᠲᠠᠬᠤᠨ᠂ ᠹᠸᠤᠳᠠᠯ ᠶᠣᠰᠣ ᠶᠢ ᠰᠢᠭᠦᠮᠵᠢᠯᠡᠵᠦ᠂ ᠹᠧᠣᠳᠠᠯ ᠤᠨ ᠮᠤᠵᠢᠭᠤᠳᠠ ᠬᠦᠴᠦᠨ ᠲᠠᠢ ᠰᠢᠷᠦᠭᠦᠨ ᠲᠡᠮᠡᠴᠡᠯ | ᠶᠠᠪᠤᠭᠤᠯᠪᠠ᠃ ᠲᠡᠭᠦᠨ ᠤ ᠳᠠᠶᠢᠴᠢᠨ ᠨᠥᠬᠦᠳ ᠲᠠᠢ ᠪᠠᠨ ᠬᠠᠮᠲᠤ ᠬᠠᠭᠤᠴᠢᠨ ᠳᠤᠮᠳᠠᠳᠤ ᠤᠯᠤᠰ ᠢ ᠥᠭᠡᠷᠡᠴᠢᠯᠡᠬᠦ ᠡᠷᠡᠰ ᠵᠣᠷᠢᠭ ᠪᠠ ᠣᠷᠭᠢᠯᠤᠮ᠎ᠠ ᠰᠡᠳᠬᠢᠯᠭᠡ ᠨᠢ | ᠲᠤᠬᠠᠢ ᠶᠢᠨ ᠦᠶ᠎ᠡ ᠶᠢᠨ ᠳᠤᠮᠳᠠᠳᠤ ᠤᠯᠤᠰ ᠤᠨ ᠵᠠᠯᠠᠭᠤᠴᠤᠳ ᠤᠨ ᠴᠤᠭ ᠪᠠᠳᠠᠷᠠᠩᠭᠤᠢ ᠴᠤᠭ ᠰᠦᠯᠳᠡ ᠪᠠ ᠤᠷᠤᠭᠰᠢᠯᠠᠨ ᠳᠠᠪᠰᠢᠬᠤ ᠵᠣᠷᠢᠭ ᠰᠠᠨᠠᠭ᠎ᠠ ᠶᠢ | ᠬᠦᠴᠦᠲᠡᠢ ᠬᠥᠭᠵᠢᠭᠡᠭᠰᠡᠨ ᠪᠠᠶᠢᠨ᠎ᠠ᠃ | ᠯᠢ ᠳ᠋ᠡ ᠵᠤᠤ ᠨᠥᠬᠦᠷ ᠪᠣᠯ ᠳᠤᠮᠳᠠᠳᠤ ᠤᠯᠤᠰ ᠤᠨ ᠬᠠᠮᠤᠭ ᠤᠨ ᠠᠩᠬᠠᠨ ᠤ ᠮᠠᠷᠺᠰ ᠤᠨ ᠦᠵᠡᠯ ᠤᠨ ᠤᠯᠠᠮᠵᠢᠯᠠᠭᠴᠢ ᠮᠥᠨ᠃ 1917 ᠣᠨ ᠳᠤ ᠤᠷᠤᠰ | ᠤᠨ ᠠᠷᠪᠠᠨ ᠰᠠᠷ᠎ᠠ ᠶᠢᠨ ᠬᠤᠪᠢᠰᠬᠠᠯ ᠢᠯᠠᠯᠲᠠ ᠣᠯᠣᠭᠰᠠᠨ ᠤ ᠲᠠᠷᠠᠭ᠎ᠠ᠂ ᠯᠢ ᠳ᠋ᠡ ᠵᠤᠤ ᠨᠥᠬᠦᠷ ᠶᠡᠬᠡᠳᠡ ᠵᠣᠷᠢᠭᠵᠢᠵᠤ᠂ ︽ᠹᠷᠠᠨᠼᠢ ᠤᠷᠤᠰ ᠤᠨ ᠬᠤᠪᠢᠰᠬᠠᠯ ᠤᠨ | ᠬᠠᠷᠢᠴᠠᠭᠤᠯᠤᠭᠰᠠᠨ ᠦᠵᠡᠯᠲᠡ︾᠂ ︽ᠬᠠᠷᠠᠴᠤ ᠠᠷᠠᠳ ᠤᠨ ᠢᠯᠠᠯᠲᠠ︾᠂ ︽ᠪᠤᠯᠱᠸᠧᠢᠭ ᠦᠵᠡᠯ ᠤᠨ ᠢᠯᠠᠯᠲᠠ︾᠂ ︽ᠰᠢᠨ᠎ᠡ ᠴᠠᠭ ᠦᠶ᠎ᠡ︾ ᠵᠡᠷᠭᠡ ᠵᠣᠬᠢᠶᠠᠯ | ᠪᠠ ᠦᠭᠦᠯᠡᠯ ᠶᠠᠷᠢᠶ᠎ᠠ ᠶᠢ ᠵᠠᠯᠭᠠᠭ᠎ᠠ ᠪᠠᠷ ᠨᠡᠶᠢᠲᠡᠯᠡᠵᠦ᠂ ᠠᠷᠪᠠᠨ ᠰᠠᠷ᠎ᠠ ᠶᠢᠨ ᠬᠤᠪᠢᠰᠬᠠᠯ ᠢ ᠬᠠᠯᠠᠭᠤᠨ ᠢᠶᠠᠷ ᠮᠠᠭᠲᠠᠨ ᠳᠠᠭᠤᠯᠠᠪᠠ᠃ ᠲᠡᠷᠡ ᠡᠨᠡ ᠤᠳᠠᠭᠠᠨ ᠤ | ᠬᠤᠪᠢᠰᠬᠠᠯ ᠨᠢ 20 ᠳ᠋ᠤᠭᠠᠷ ᠵᠠᠭᠤᠨ ᠤ ᠳᠡᠯᠡᠬᠡᠢ ᠶᠢᠨ ᠲᠡᠦᠬᠡ ᠶᠢᠨ ᠠᠬᠢᠴᠠ ᠳᠤ ᠴᠠᠭ ᠦᠶ᠎ᠡ ᠶᠢ ᠵᠠᠭᠠᠭᠯᠠᠭᠰᠠᠨ ᠨᠥᠯᠥᠭᠡ ᠦᠵᠡᠭᠦᠯᠬᠦ ᠪᠣᠯᠣᠨ᠎ᠠ ᠭᠡᠳᠡᠭ ᠢ ᠰᠡᠷᠭᠡᠭ | ᠢᠶᠠᠷ ᠲᠠᠨᠢᠵᠤ᠂ ᠲᠡᠭᠦᠨ ᠤ ᠳᠤᠮᠳᠠ ᠠᠴᠠ ᠦᠨᠳᠦᠰᠦᠲᠡᠨ ᠤ ᠲᠤᠰᠠᠭᠠᠷ ᠲᠣᠭᠲᠠᠨᠢᠯ ᠪᠠ ᠠᠷᠠᠳ ᠲᠦᠮᠡᠨ ᠤ ᠴᠢᠯᠦᠭᠡᠯᠡᠯᠲᠡ ᠶᠢᠨ ᠬᠦᠰᠡᠯ ᠡᠷᠡᠮᠡᠯᠵᠡᠯ ᠢ ᠣᠯᠵᠤ | ᠬᠠᠷᠠᠨ᠄ ︽ᠢᠷᠡᠭᠡᠳᠦᠢ ᠶᠢᠨ ᠳᠡᠯᠡᠬᠡᠢ ᠶᠢᠨ ᠪᠥᠮᠪᠥᠷᠴᠡᠭ ᠢ ᠲᠤᠷᠰᠢᠵᠤ ᠦᠵᠡᠪᠡᠯ ᠯᠠᠪᠲᠠᠢ ᠤᠯᠠᠭᠠᠨ ᠲᠤᠭ ᠤᠨ ᠶᠢᠷᠲᠢᠨᠴᠦ ᠪᠣᠯᠣᠨ᠎ᠠ︾ ᠭᠡᠵᠦ ᠢᠲᠡᠭᠡᠯ ᠲᠡᠭᠦᠯᠳᠡᠷ | ᠢᠶᠠᠷ ᠵᠥᠩᠨᠡᠨ ᠬᠡᠯᠡᠭᠰᠡᠨ ᠪᠠᠶᠢᠨ᠎ᠠ᠃ 1919 ᠣᠨ ᠤ ᠲᠠᠪᠤᠨ ᠰᠠᠷ᠎ᠠ ᠶᠢᠨ ᠲᠦᠷᠪᠡᠨ ᠤ ᠬᠥᠳᠡᠯᠭᠡᠭᠡᠨ ᠤ ᠲᠠᠷᠠᠭ᠎ᠠ᠂ ᠯᠢ ᠳ᠋ᠡ ᠵᠤᠤ ᠮᠠᠷᠺᠰ ᠤᠨ ᠦᠵᠡᠯ ᠤᠨ | ᠤᠬᠠᠭᠤᠯᠭ᠎ᠠ ᠳᠤ ᠨᠡᠩ ᠢᠯᠡᠭᠦᠦ ᠬᠦᠴᠦ ᠲᠠᠯᠪᠢᠵᠤ᠂ ︽ᠰᠢᠨ᠎ᠡ ᠵᠠᠯᠠᠭᠤᠴᠤᠳ︾ ᠰᠡᠳᠭᠦᠯ ᠳᠡᠭᠡᠷ᠎ᠡ ︽ᠮᠢᠨᠤ ᠮᠠᠷᠺᠰ ᠤᠨ ᠦᠵᠡᠯ ᠤᠨ ᠦᠵᠡᠯᠲᠡ︾ ᠶᠢ | ᠨᠡᠶᠢᠲᠡᠯᠡᠵᠦ᠂ ᠮᠠᠷᠺᠰ ᠤᠨ ᠦᠵᠡᠯ ᠤᠨ ᠤᠨᠤᠯ ᠢ ᠰᠢᠰᠲ᠋ᠧᠮ ᠲᠠᠢ ᠲᠠᠨᠢᠯᠴᠠᠭᠤᠯᠵᠤ᠂ ᠮᠠᠷᠺᠰ ᠤᠨ ᠦᠵᠡᠯ ᠤᠨ ᠳᠤᠮᠳᠠᠳᠣ ᠣᠯᠣᠰ ᠲᠤ ᠦᠷᠭᠡᠨ ᠢᠶᠠᠷ ᠣᠯᠠᠮᠵᠢᠯᠠᠬᠤ | ᠶᠢ ᠠᠬᠢᠭᠤᠯᠵᠤ᠂ ᠳᠣᠮᠳᠠᠳᠣ ᠣᠯᠣᠰ ᠤᠨ ᠡᠪ ᠬᠠᠮᠲᠤ ᠨᠠᠮ ᠢ ᠪᠠᠶᠢᠭᠤᠯᠬᠤ ᠳᠤ ᠦᠵᠡᠯ ᠰᠠᠨᠠᠭᠠᠨ ᠤ ᠨᠦᠬᠦᠴᠡᠯ ᠪᠦᠷᠢᠯᠳᠦᠭᠦᠯᠵᠦ ᠦᠭᠴᠡᠢ᠃ | ᠯᠢ ᠳ᠋ᠡ ᠵᠤᠤ ᠨᠥᠬᠦᠷ ᠪᠣᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠤᠣᠯ ᠡᠭᠦᠰᠬᠡᠨ ᠪᠠᠶᠢᠭᠤᠯᠤᠭᠴᠢ ᠶᠢᠨ ᠨᠢᠭᠡ ᠮᠥᠨ᠃ 1920 ᠣᠨ ᠤ ᠡᠬᠢᠨ | ᠠᠴᠠ ᠡᠬᠢᠯᠡᠨ᠂ ᠯᠢ ᠳ᠋ᠡ ᠵᠤᠤ ᠨᠥᠬᠦᠷ ᠵᠡᠷᠭᠡ ᠬᠤᠪᠢᠰᠬᠠᠯᠴᠢᠳ ᠳᠤᠮᠳᠠᠳᠤ ᠤᠯᠤᠰ ᠲᠤ ᠦᠭᠡᠶᠢᠭᠦᠦ ᠠᠩᠭᠢ ᠶᠢᠨ ᠲᠦᠷᠦ ᠶᠢᠨ ᠨᠠᠮ ᠢ ᠪᠠᠶᠢᠭᠤᠯᠬᠤ ᠠᠰᠠᠭᠤᠳᠠᠯ ᠢ | ᠵᠥᠪᠳᠡᠯᠴᠡᠪᠡ᠃ 1920 ᠣᠨ ᠤ 3 ᠰᠠᠷ᠎ᠠ ᠳᠤ᠂ ᠯᠢ ᠳ᠋ᠡ ᠵᠤᠤ ᠨᠥᠬᠦᠷ ᠪᠡᠭᠡᠵᠢᠩ ᠶᠡᠭᠡ ᠰᠤᠷᠭᠠᠭᠤᠯᠢ ᠳᠤ ᠮᠠᠷᠺᠰ ᠤᠨ ᠤᠨᠤᠯ ᠤᠨ ᠰᠤᠳᠤᠯᠭᠠᠨ ᠤ | ᠨᠡᠶᠢᠭᠡᠮᠯᠢᠭ ᠢ ᠡᠭᠦᠰᠬᠡᠨ ᠪᠠᠶᠢᠭᠤᠯᠪᠠ᠃ ᠲᠤᠰ ᠵᠢᠯ ᠤᠨ ᠨᠠᠮᠤᠷ᠂ ᠲᠡᠷᠡ ᠪᠡᠭᠡᠵᠢᠩ ᠤᠨ ᠡᠪ ᠬᠠᠮᠲᠤ ᠨᠠᠮ ᠤᠨ ᠠᠩᠬᠠᠨ ᠤ ᠦᠶ᠎ᠡ ᠶᠢᠨ ᠵᠣᠬᠢᠶᠠᠨ ᠪᠠᠶᠢᠭᠤᠯᠤᠯᠲᠠ | ᠪᠣᠯᠣᠨ ᠪᠡᠭᠡᠵᠢᠩ ᠤᠨ ᠨᠡᠶᠢᠭᠡᠮ ᠵᠢᠷᠤᠮᠲᠤ ᠵᠠᠯᠠᠭᠤᠴᠤᠳ ᠤᠨ ᠡᠪᠯᠡᠯ ᠢ ᠤᠳᠤᠷᠢᠳᠤᠨ ᠪᠠᠶᠢᠭᠤᠯᠤᠭᠰᠠᠨ ᠪᠥᠭᠡᠳ ᠪᠦᠬᠦ ᠤᠯᠤᠰ ᠤᠨ ᠬᠡᠪᠴᠢᠶᠡᠨ ᠳᠠᠬᠢ ᠡᠪ ᠬᠠᠮᠲᠤ | ᠨᠠᠮ ᠤᠨ ᠵᠣᠬᠢᠶᠠᠨ ᠪᠠᠶᠢᠭᠤᠯᠤᠯᠲᠠ ᠶᠢ ᠪᠠᠶᠢᠭᠤᠯᠬᠤ ᠶᠢ ᠢᠳᠡᠪᠬᠢᠲᠡᠢ ᠠᠬᠢᠭᠤᠯᠪᠠ᠃ 1921 ᠣᠨ ᠳᠤ᠂ ᠳᠤᠮᠳᠠᠳᠤ ᠤᠯᠤᠰ ᠤᠨ ᠡᠪ ᠬᠠᠮᠲᠤ ᠨᠠᠮ | ᠪᠠᠶᠢᠭᠤᠯᠤᠭᠳᠠᠭᠰᠠᠨ ᠢ ᠲᠤᠩᠬᠠᠭᠯᠠᠪᠠ᠂ ᠡᠨᠡ ᠨᠢ ᠳᠤᠮᠳᠠᠳᠤ ᠤᠯᠤᠰ ᠤᠨ ᠣᠷᠴᠢᠨ ᠤᠳᠤ ᠦᠶ᠎ᠡ ᠶᠢᠨ ᠲᠡᠦᠬᠡᠨ ᠳᠠᠬᠢ ᠴᠢᠬᠤᠯᠠ ᠶᠡᠭᠡ ᠬᠡᠷᠡᠭ ᠶᠠᠪᠤᠳᠠᠯ ᠪᠤᠯᠬᠤ | ᠶᠤᠮ᠃ ᠡᠶᠢᠨᠬᠦ ᠯᠢ ᠳ᠋ᠡ ᠵᠤᠤ ᠨᠥᠬᠦᠷ ᠳᠣᠮᠳᠠᠳᠣ ᠣᠯᠣᠰ ᠤᠨ ᠡᠪ ᠬᠠᠮᠲᠤ ᠨᠠᠮ ᠪᠠᠶᠢᠭᠤᠯᠤᠭᠳᠠᠬᠤ ᠳᠤ ᠮᠠᠰᠢ ᠴᠢᠬᠤᠯᠠ ᠬᠤᠪᠢ ᠨᠡᠮᠡᠷᠢ ᠦᠵᠡᠭᠦᠯᠦᠭᠰᠡᠨ ᠶᠣᠮ᠃ | ᠯᠢ ᠳ᠋ᠡ ᠵᠤᠤ ᠨᠥᠬᠦᠷ ᠪᠣᠯ ᠨᠠᠮ ᠪᠠᠶᠢᠭᠤᠯᠤᠭᠳᠠᠭᠰᠠᠨ ᠤ ᠳᠠᠷᠠᠭᠠᠬᠢ ᠬᠤᠪᠢᠰᠬᠠᠯᠲᠤ ᠬᠥᠳᠡᠯᠭᠡᠭᠡᠨ ᠤ ᠴᠢᠬᠤᠯᠠ ᠤᠳᠤᠷᠢᠳᠤᠭᠴᠢ ᠮᠥᠨ᠃ ᠳᠤᠮᠳᠠᠳᠤ ᠤᠯᠤᠰ | ᠤᠨ ᠡᠪ ᠬᠠᠮᠲᠤ ᠨᠠᠮ ᠪᠠᠶᠢᠭᠤᠯᠤᠭᠳᠠᠭᠰᠠᠨ ᠤ ᠲᠠᠷᠠᠭ᠎ᠠ᠂ ᠯᠢ ᠳ᠋ᠡ ᠵᠤᠤ ᠨᠥᠬᠦᠷ ᠨᠠᠮ ᠤᠨ ᠲᠥᠪ ᠬᠤᠷᠢᠶ᠎ᠠ ᠶᠢ ᠲᠥᠯᠥᠭᠡᠯᠡᠨ ᠤᠮᠠᠷᠠᠲᠤ ᠣᠷᠣᠨ ᠤ ᠨᠠᠮ ᠤᠨ ᠠᠵᠢᠯ | ᠢ ᠵᠢᠯᠤᠭᠤᠳᠤᠨ᠂ ᠤᠮᠠᠷᠠᠲᠣ ᠣᠷᠣᠨ ᠳᠤ ᠮᠠᠷᠺᠰ ᠤᠨ ᠦᠵᠡᠯ ᠢ ᠶᠡᠬᠡᠪᠡᠷ ᠤᠬᠠᠭᠤᠯᠣᠨ᠂ ᠠᠵᠢᠯᠴᠢᠨ ᠤ ᠬᠦᠳᠡᠯᠭᠡᠭᠡᠨ ᠢ ᠦᠷᠨᠢᠭᠦᠯᠵᠦ᠂ ᠨᠠᠮ ᠤᠨ ᠵᠣᠬᠢᠶᠠᠨ | ᠪᠠᠶᠢᠭᠤᠯᠣᠯᠲᠠ ᠶᠢ ᠪᠠᠶᠢᠭᠤᠯᠪᠠ᠃ 1922 ᠣᠨ ᠠᠴᠠ 1924 ᠣᠨ ᠪᠣᠯᠲᠠᠯ᠎ᠠ᠂ ᠲᠡᠷᠡ ᠨᠠᠮ ᠤᠨ ᠨᠠᠶᠢᠳᠠᠯᠭ᠎ᠠ ᠪᠠᠷ ᠪᠡᠭᠡᠵᠢᠩ᠂ ᠱᠠᠩᠬᠠᠢ᠂ ᠭᠤᠸᠠᠩᠵᠧᠦ ᠪᠠᠷ | ᠶᠠᠪᠤᠵᠤ᠂ ᠰᠦᠨ ᠵᠦᠩ ᠱᠠᠨ ᠢ ᠬᠠᠪᠰᠤᠷᠤᠨ ᠭᠤᠮᠢᠨᠳᠠᠩ ᠢ ᠥᠭᠡᠷᠡᠴᠢᠯᠡᠨ ᠪᠠᠶᠢᠭᠤᠯᠵᠤ᠂ ᠭᠤᠮᠢᠨᠳᠠᠩ ᠡᠪ ᠬᠠᠮᠲᠤ ᠨᠠᠮ ᠤᠨ ᠠᠩᠬᠠᠳᠤᠭᠠᠷ ᠤᠳᠠᠭ᠎ᠠ ᠶᠢᠨ | ᠬᠠᠮᠲᠤᠷᠠᠨ ᠠᠵᠢᠯᠯᠠᠬᠤ ᠨᠢᠭᠡᠳᠦᠮᠡᠯ ᠹᠷᠣᠨᠲ ᠢ ᠪᠠᠶᠢᠭᠤᠯᠬᠤ ᠳᠤ ᠴᠢᠬᠤᠯᠠ ᠶᠡᠭᠡ ᠬᠤᠪᠢ ᠨᠡᠮᠡᠷᠢ ᠦᠵᠡᠭᠦᠯᠪᠡ᠃ ᠪᠠᠰᠠ᠂ ᠤᠮᠠᠷᠠᠲᠤ ᠣᠷᠣᠨ ᠤ ᠨᠠᠮ ᠤᠨ ᠵᠣᠬᠢᠶᠠᠨ | ᠪᠠᠶᠢᠭᠤᠯᠤᠯᠲᠠ ᠶᠢ ᠤᠳᠤᠷᠢᠳᠤᠨ ᠲᠠᠪᠤᠨ ᠰᠠᠷ᠎ᠠ ᠶᠢᠨ ᠭᠤᠴᠢᠨ ᠤ ᠬᠥᠳᠡᠯᠭᠡᠭᠡᠨ ᠪᠠ ᠤᠮᠠᠷᠠᠰᠢ ᠳᠠᠶᠢᠯᠠᠬᠤ ᠳᠠᠶᠢᠨ ᠲᠠᠢ ᠬᠠᠮᠵᠢᠯᠴᠠᠨ᠂ ᠡᠵᠡᠷᠬᠡᠭ ᠲᠦᠷᠢᠮᠡᠬᠡᠶᠢᠲᠡᠨ ᠢ | ᠡᠰᠡᠷᠭᠦᠴᠡᠬᠦ ᠴᠡᠷᠢᠭ ᠤᠨ ᠡᠷᠬᠡᠲᠡᠨ ᠢ ᠡᠰᠡᠷᠭᠦᠴᠡᠬᠦ ᠲᠡᠮᠡᠴᠡᠯ ᠢ ᠥᠷᠨᠢᠭᠦᠯᠵᠦ᠂ ᠶᠡᠭᠡ ᠬᠤᠪᠢᠰᠬᠠᠯ ᠤᠨ ᠢᠯᠠᠯᠲᠠ ᠲᠠᠢ ᠶᠠᠪᠤᠭᠳᠠᠬᠤ ᠳᠤ ᠭᠠᠷᠮᠠᠭᠠᠢ ᠬᠤᠪᠢ ᠨᠡᠮᠡᠷᠢ | ᠦᠵᠡᠭᠦᠯᠪᠡ᠃ | 1927 ᠣᠨ ᠤ 4 ᠰᠠᠷ᠎ᠠ ᠶᠢᠨ 6 ᠤ ᠡᠳᠦᠷ᠂ ᠯᠢ ᠳ᠋ᠡ ᠵᠤᠤ ᠨᠥᠬᠦᠷ ᠪᠡᠭᠡᠵᠢᠩ ᠳᠤ ᠪᠠᠷᠢᠪᠴᠢᠯᠠᠭᠳᠠᠨ ᠭᠢᠨᠳᠠᠨ ᠳᠤ ᠣᠷᠣᠪᠠ᠃ ᠲᠡᠷᠡ ᠡᠯ᠎ᠡ ᠵᠦᠢᠯ ᠤᠨ | ᠬᠠᠲᠠᠭᠤ ᠡᠷᠡᠭᠦᠦ ᠶᠢᠨ ᠲᠠᠮᠠᠤᠯᠠᠯ ᠢ ᠮᠣᠬᠤᠲᠠᠯᠠ ᠠᠮᠰᠠᠭᠰᠠᠨ ᠪᠤᠯᠪᠠᠴᠣ᠂ ᠢᠮᠠᠭᠲᠠ ᠢᠲᠡᠭᠡᠯ ᠪᠢᠰᠢᠷᠡᠯ ᠢᠶᠠᠨ ᠪᠠᠲᠤ ᠰᠠᠬᠢᠵᠤ᠂ ᠤᠭ ᠰᠠᠨᠠᠭ᠎ᠠ ᠪᠠᠨ ᠦᠯᠦ | ᠬᠤᠪᠢᠷᠠᠭᠤᠯᠤᠨ᠂ ᠨᠤᠭᠤᠷᠠᠰᠢ ᠦᠭᠡᠢ ᠴᠢᠩ ᠵᠣᠷᠢᠭ ᠢ ᠪᠠᠷᠢᠵᠤ᠂ ᠲᠥᠪ ᠶᠣᠰᠣᠨ ᠤ ᠲᠥᠯᠥᠭᠡ ᠲᠡᠷᠢᠭᠦᠨ ᠮᠡᠬᠦᠶᠢᠭᠰᠡᠨ ᠦᠭᠡᠢ ᠪᠠᠶᠢᠪᠠ᠃ 4 ᠰᠠᠷ᠎ᠠ ᠶᠢᠨ 28 ᠤ | ᠡᠳᠦᠷ᠂ ᠯᠢ ᠳ᠋ᠡ ᠵᠤᠤ ᠨᠥᠬᠦᠷ ᠪᠠᠭᠠᠲᠣᠷᠯᠢᠭ ᠢᠶᠠᠷ ᠪᠠᠶ᠎ᠠ ᠦᠷᠡᠭᠳᠡᠪᠡ᠂ ᠲᠤᠬᠠᠢ ᠶᠢᠨ ᠦᠶ᠎ᠡ ᠳᠤ 38 ᠨᠠᠰᠤᠲᠠᠢ ᠪᠠᠶᠢᠪᠠ᠃ | ᠯᠢ ᠳ᠋ᠡ ᠵᠤᠤ ᠨᠥᠬᠦᠷ ᠪᠣᠯ ᠨᠢᠭᠡᠨ ᠠᠭᠤᠤ ᠶᠡᠭᠡ ᠬᠤᠪᠢᠰᠬᠠᠯᠴᠢ ᠪᠥᠭᠡᠳ ᠪᠠᠶᠢᠯᠳᠤᠭᠴᠢ ᠪᠣᠯᠬᠤ ᠪᠠᠷ ᠪᠠᠷᠠᠬᠤ ᠦᠭᠡᠢ᠂ 20 ᠳ᠋ᠤᠭᠠᠷ ᠵᠠᠭᠤᠨ ᠤ ᠡᠬᠢᠨ ᠤ | ᠦᠶ᠎ᠡ ᠶᠢᠨ ᠮᠠᠨ ᠤ ᠤᠯᠤᠰ ᠤᠨ ᠦᠵᠡᠯ ᠰᠠᠨᠠᠭ᠎ᠠ ᠰᠣᠶᠣᠯ ᠤᠨ ᠬᠢᠨ ᠤ ᠰᠢᠯᠭᠠᠷᠠᠭᠰᠠᠨ ᠵᠢᠳᠭᠦᠯᠲᠡᠨ ᠪᠣᠯᠬᠤ ᠶᠤᠮ᠃ ᠲᠡᠷᠡ ᠭᠦᠨ ᠤᠬᠠᠭᠠᠨ᠂ ᠠᠵᠤ ᠠᠬᠤᠢ ᠶᠢᠨ | ᠤᠬᠠᠭᠠᠨ᠂ ᠬᠠᠤᠯᠢ ᠶᠢᠨ ᠤᠬᠠᠭᠠᠨ᠂ ᠲᠡᠦᠬᠡ ᠶᠢᠨ ᠤᠬᠠᠭᠠᠨ᠂ ᠡᠰᠢ ᠶᠣᠰᠣᠨ ᠤ ᠤᠬᠠᠭᠠᠨ᠂ ᠭᠤᠸ᠎ᠠ ᠵᠦᠢ᠂ ᠰᠣᠨᠢᠨ ᠮᠡᠳᠡᠭᠡᠨ ᠤ ᠤᠬᠠᠭᠠᠨ᠂ ᠨᠣᠮ ᠪᠢᠴᠢᠭ ᠤᠨ | ᠬᠠᠮᠢᠶᠠᠷᠤᠯᠲᠠ ᠶᠢᠨ ᠤᠬᠠᠭᠠᠨ ᠵᠡᠷᠭᠡ ᠣᠯᠠᠨ ᠬᠦᠷᠢᠶ᠎ᠡ ᠬᠡᠪᠴᠢᠶ᠎ᠡ ᠶᠢ ᠬᠠᠮᠤᠷᠤᠭᠰᠠᠨ ᠶᠡᠭᠡ ᠬᠡᠮᠵᠢᠶᠡᠨ ᠤ ᠵᠣᠬᠢᠶᠠᠯ ᠪᠦᠲᠦᠭᠡᠯ᠂ ᠡᠬᠡ ᠪᠢᠴᠢᠭ ᠪᠠ ᠣᠷᠴᠢᠭᠤᠯᠭ᠎ᠠ | ᠶᠢᠨ ᠪᠦᠲᠦᠭᠡᠯ ᠦᠯᠡᠳᠡᠭᠡᠭᠰᠡᠨ ᠪᠦᠭᠡᠳ 20 ᠳ᠋ᠤᠭᠠᠷ ᠵᠠᠭᠤᠨ ᠤ ᠳᠤᠮᠳᠠᠳᠤ ᠤᠯᠤᠰ ᠤᠨ ᠦᠵᠡᠯ ᠰᠠᠨᠠᠭ᠎ᠠ ᠰᠣᠶᠣᠯ ᠤᠨ ᠪᠠᠶᠢᠭᠤᠯᠤᠯᠲᠠ ᠳᠤ ᠴᠢᠬᠤᠯᠠ ᠬᠤᠪᠢ | ᠨᠡᠮᠡᠷᠢ ᠦᠵᠡᠭᠦᠯᠦᠭᠰᠡᠨ ᠶᠤᠮ᠃ ᠶᠠᠭ ᠯᠦ ᠰᠢᠶᠦ᠋ᠨ ᠠᠪᠤᠭᠠᠢ ᠶᠢᠨ ᠬᠡᠯᠡᠰᠡᠨᠴᠢᠯᠡᠨ᠄ ︽ᠲᠡᠭᠦᠨ ᠤ ᠭᠡᠷᠢᠶᠡᠰ ᠪᠢᠴᠢᠭ ᠬᠠᠷᠢᠨ ᠥᠨᠢᠳᠡ ᠣᠷᠣᠰᠢᠬᠤ ᠪᠣᠯᠣᠨ᠎ᠠ᠂ | ᠤᠴᠢᠷ ᠨᠢ ᠡᠨᠡ ᠪᠣᠯ ᠤᠷᠢᠳᠤᠬᠢ ᠬᠥᠮᠥᠰ ᠤᠨ ᠥᠪ ᠬᠥᠷᠥᠩᠭᠡ᠂ ᠬᠤᠪᠢᠰᠬᠠᠯ ᠤᠨ ᠲᠡᠦᠬᠡᠨ ᠳᠠᠬᠢ ᠥᠷᠯᠥᠭ ᠬᠥᠰᠢᠶ᠎ᠡ ᠮᠥᠨ︾ ᠭᠡᠵᠡᠢ᠃ | | | |