ᠤᠩᠭᠠᠷᠢᠯ ᠢ ᠰᠡᠷᠬᠡᠶᠢᠯᠡᠨ ᠵᠠᠰᠠᠬᠤ ᠠᠷᠭ᠎ᠠ ᠬᠡᠮᠵᠢᠶ᠎ᠡ
ᠨᠡᠶᠢᠲᠡᠯᠡᠭᠰᠡᠨ ᠴᠠᠭ᠄
2024/5/9
      ᠤᠳᠤᠬᠠᠨ ᠳᠤ᠂ ᠮᠠᠨ ᠤ ᠤᠷᠤᠨ ᠤ ᠤᠯᠠᠩᠬᠢ ᠭᠠᠵᠠᠷ ᠢᠶᠠᠷ ᠤᠳᠠ ᠤᠯᠢᠶᠠᠰᠤᠨ ᠤ ᠤᠩᠭᠠᠷᠢᠯ ᠳᠡᠯᠬᠡᠷᠡᠵᠤ ᠪᠤᠳᠠᠷᠠᠬᠤ ᠬᠤᠭᠤᠴᠠᠭᠠᠨ ᠳᠤ ᠤᠷᠤᠭᠰᠠᠨ ᠪᠠᠶᠢᠨ᠎ᠠ᠃       ᠤᠳᠠ ᠤᠯᠢᠶᠠᠰᠤᠨ ᠤ ᠤᠩᠭᠠᠷᠢᠯ ᠪᠤᠳᠠᠷᠠᠬᠤ ᠤᠯᠠᠷᠢᠯ ᠬᠦᠷᠴᠤ ᠢᠷᠡᠬᠦ ᠶᠢ ᠳᠠᠭᠠᠯᠳᠤᠨ᠂ ᠤᠩᠭᠠᠷᠢᠯ ᠨᠢ ᠤᠷᠴᠢᠨ ᠳᠤᠭᠤᠷᠢᠨ ᠢ ᠪᠤᠵᠠᠷᠳᠠᠭᠤᠯᠬᠤ ᠶᠢᠨ ᠬᠠᠮᠳᠤ ᠪᠠᠰᠠ ᠬᠠᠮᠠᠷ ᠬᠤᠭᠤᠯᠠᠢ᠂ ᠠᠮᠢᠰᠬᠤᠯ ᠤᠨ ᠵᠠᠮ ᠤᠨ ᠡᠪᠡᠳᠴᠢᠨ ᠢ ᠡᠬᠦᠰᠬᠡᠵᠤ ᠮᠡᠳᠡᠬᠦ ᠳᠡᠯᠳᠠ ᠬᠡᠮ ᠰᠤᠭᠤᠭ ᠤᠷᠤᠰᠢᠵᠤ ᠪᠠᠶᠢᠭ᠎ᠠ ᠳᠤᠯᠠ ᠵᠤᠬᠢᠬᠤ ᠠᠷᠭ᠎ᠠ ᠬᠡᠮᠵᠢᠶ᠎ᠡ ᠶᠢ ᠠᠪᠴᠤ ᠤᠩᠭᠠᠷᠢᠯ ᠢ ᠰᠡᠷᠬᠡᠶᠢᠯᠡᠨ ᠵᠠᠰᠠᠬᠤ ᠴᠢᠬᠤᠯᠠᠳᠠᠢ ᠶᠤᠮ᠃       ᠪᠤᠳᠠᠳᠠᠢ ᠪᠠᠷ ᠬᠡᠯᠡᠪᠡᠯ᠂ ᠬᠦᠮᠦᠨ ᠠᠮᠠ ᠶᠢᠨ ᠨᠢᠠᠠᠳᠠᠴᠠ ᠶᠡᠭᠡ᠂ ᠤᠩᠭᠠᠷᠢᠯ ᠶᠡᠭᠡ ᠪᠤᠳᠠᠷᠠᠳᠠᠭ ᠭᠠᠵᠠᠷ ᠤᠷᠤᠨ ᠳᠤ᠂ ᠦᠨᠳᠤᠷ ᠳᠠᠷᠤᠯᠳᠠᠳᠤ ᠤᠰᠤ ᠰᠦᠷᠴᠢᠬᠦ ᠮᠠᠰᠢᠨ ᠢᠶᠠᠷ ᠤᠳᠠ ᠤᠯᠢᠶᠠᠰᠤᠨ ᠮᠤᠳᠤ ᠶᠢ ᠤᠬᠢᠶᠠᠵᠤ᠂ ᠤᠳᠠ ᠤᠯᠢᠶᠠᠰᠤᠨ ᠤ ᠤᠩᠭᠠᠷᠢᠯ ᠤᠨ ᠬᠡᠮᠵᠢᠶ᠎ᠡ ᠶᠢ ᠪᠠᠭᠠᠰᠬᠠᠨ᠎ᠠ︔ ᠳᠠᠬᠢᠪᠠᠯ ᠵᠡᠬᠡᠯᠢ ᠭᠤᠳᠤᠮᠵᠢ᠂ ᠬᠦᠷᠢᠶ᠎ᠡ ᠬᠠᠰᠢᠶᠠᠨ ᠳᠠᠭᠠᠨ ᠪᠠᠶᠢᠨ ᠳᠠᠬᠢᠨ ᠤᠯᠠᠨ ᠤᠳᠠᠭ᠎ᠠ ᠤᠰᠤ ᠰᠦᠷᠴᠢᠬᠦ ᠪᠠᠷ ᠳᠠᠮᠵᠢᠨ ᠠᠭᠠᠷ ᠤᠨ ᠴᠢᠬᠢᠭᠳᠦᠴᠡ ᠶᠢ ᠨᠡᠮᠡᠭᠳᠡᠬᠦᠯᠦᠨ᠂ ᠳᠤᠭᠤᠰᠤ ᠰᠢᠷᠦᠢ ᠶᠢ ᠳᠠᠷᠤᠵᠤ᠂ ᠡᠬᠦᠨ ᠤ ᠤᠯᠠᠮ ᠢᠶᠠᠷ ᠤᠩᠭᠠᠷᠢᠯ ᠪᠤᠳᠠᠷᠠᠨ ᠬᠡᠶᠢᠰᠬᠦ ᠪᠠᠶᠢᠳᠠᠯ ᠢ ᠪᠠᠭᠠᠰᠬᠠᠨ᠎ᠠ︔ ᠳᠠᠷᠠᠭᠠᠯᠠᠪᠠᠯ ᠴᠠᠭ ᠳᠤᠬᠠᠢ ᠳᠤᠨᠢ ᠴᠡᠪᠡᠷᠯᠡᠨ᠎ᠡ᠃ ᠵᠡᠬᠡᠯᠢ ᠭᠤᠳᠤᠮᠵᠢ᠂ ᠬᠦᠷᠢᠶ᠎ᠡ ᠬᠠᠰᠢᠶ᠎ᠠ᠂ ᠪᠤᠯᠤᠩ ᠳᠤᠬᠤᠢ ᠭᠠᠵᠠᠷ ᠲᠤ ᠤᠨᠠᠵᠤ ᠬᠤᠷᠠᠭᠰᠠᠨ ᠤᠳᠠ ᠤᠯᠢᠶᠠᠰᠤᠨ ᠤ ᠤᠩᠭᠠᠷᠢᠯ ᠢ ᠴᠡᠪᠡᠷᠯᠡᠵᠤ᠂ ᠤᠩᠭᠠᠷᠢᠯ ᠳᠠᠬᠢᠨ ᠳᠡᠭᠳᠡᠬᠦ ᠠᠴᠠ ᠵᠠᠶᠢᠯᠠᠰᠬᠢᠵᠤ᠂ ᠤᠷᠴᠢᠨ ᠳᠤᠭᠤᠷᠢᠨ ᠤ ᠪᠠᠨ ᠴᠡᠪᠡᠷ ᠳᠠᠭᠠᠯᠠᠮᠵᠢᠳᠡᠢ ᠪᠠᠶᠢᠬᠤ ᠶᠢ ᠪᠠᠳᠤᠯᠠᠬᠤ ᠬᠡᠷᠡᠭᠳᠡᠢ᠃ ᠮᠦᠨ ᠡᠬᠦᠨ ᠤ ᠬᠠᠮᠳᠤ ᠤᠩᠭᠠᠷᠢᠯ ᠠᠴᠠ ᠪᠤᠯᠤᠭᠰᠠᠨ ᠬᠠᠮᠠᠷ ᠤᠨ ᠦᠷᠪᠢᠰᠤᠯ᠂ ᠡᠯ᠎ᠡ ᠵᠦᠢᠯ ᠤᠨ ᠬᠠᠷᠰᠢᠯ᠂ ᠬᠠᠨᠢᠶᠠᠳᠤ ᠵᠡᠷᠬᠡ ᠶᠢ ᠴᠠᠭ ᠳᠤᠬᠠᠢ ᠳᠤᠨᠢ ᠡᠮᠨᠡᠬᠦᠯᠬᠦ ᠬᠡᠷᠡᠭᠳᠡᠢ᠃
ᠢᠷᠡᠯᠲᠡ᠄ ᠦᠪᠦᠷ ᠮᠤᠩᠭᠤᠯ ᠤᠨ ᠮᠤᠩᠭᠤᠯ ᠷᠠᠳᠢᠤ᠋