| | ᠬᠤᠣᠰ ᠪᠠᠷᠰ ᠳᠡᠮᠡᠴᠡᠯᠳᠤᠵᠤ ᠪᠠᠶᠢᠭ᠎ᠠ ᠬᠡ ᠲᠠᠢ ᠮᠥᠩᠭᠦᠨ ᠵᠠᠰᠠᠯ ᠤᠨ ᠡᠳ᠋ ᠢ 1984 ᠣᠨ ᠳᠤ ᠣᠷᠳᠣᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ | ᠪᠦᠯᠢᠶᠡᠨ ᠰᠢᠶᠠᠩ ᠤᠨ ᠰᠢᠬᠤᠢ ᠶᠢᠨ ᠭᠤᠤᠯ ᠤᠨ ᠪᠠᠶᠢᠯᠳᠤᠭᠠᠨᠲᠤ ᠤᠯᠤᠰ ᠤᠨ ᠤᠩᠭᠤᠨ ᠠᠴᠠ ᠣᠯᠳᠠᠵᠠᠢ᠂ ᠨᠢᠭᠡ ᠢᠵᠢ ᠳᠤ ᠬᠤᠶᠠᠷ ᠮᠦᠩᠬᠦᠨ ᠵᠠᠰᠠᠯ ᠤᠨ ᠡᠳ᠋ | ᠲᠠᠢ᠂ ᠮᠦᠩᠬᠦ ᠪᠠᠷ ᠴᠢᠳᠬᠤᠵᠤ ᠦᠢᠯᠡᠳᠴᠠᠢ᠃ ᠵᠠᠰᠠᠯ ᠤᠨ ᠡᠳ᠋ ᠤᠨ ᠣᠷᠳᠣ ᠨᠢ 9 ᠰᠠᠨᠲ᠋ᠢᠮᠧᠲᠷ᠂ ᠥᠷᠭᠡᠨ ᠨᠢ 3 ᠰᠠᠨᠲ᠋ᠢᠮᠧᠲᠷ᠃ ᠭᠦᠳᠦᠭᠦᠷ ᠵᠤᠵᠠᠭᠠᠨ | ᠰᠡᠶᠢᠯᠦᠮᠡᠯ ᠤᠨ ᠠᠷᠭ᠎ᠠ ᠪᠠᠷ ᠮᠦᠯᠬᠦᠨ ᠳᠡᠪᠡᠷᠢᠯᠳᠤᠵᠤ ᠪᠠᠶᠢᠭ᠎ᠠ ᠬᠤᠶᠠᠷ ᠪᠠᠮᠪᠠᠷ ᠢ ᠱᠤᠭᠤᠵᠤ᠂ ᠲᠣᠯᠣᠭᠠᠢ ᠶᠢ ᠵᠡᠭᠦᠨ ᠪᠠᠷᠠᠭᠤᠨ ᠲᠠᠯ᠎ᠠ ᠳᠤᠨᠢ ᠨᠠᠭᠠᠯᠳᠤᠭᠤᠯᠤᠨ᠂ | ᠨᠥᠭᠦᠭᠡ ᠡᠲᠡᠭᠡᠳ ᠤᠨ ᠢᠶᠠᠨ ᠮᠥᠷᠥ ᠶᠢ ᠬᠠᠵᠠᠵᠤ᠂ ᠡᠮᠦᠨ᠎ᠡ ᠮᠥᠴᠢ ᠪᠠᠷ ᠢᠶᠠᠨ ᠳᠡᠪᠡᠷᠢᠯᠳᠤᠵᠤ᠂ ᠬᠤᠶᠢᠲᠤ ᠮᠥᠴᠢ ᠨᠢ ᠪᠠᠭ᠎ᠠ ᠬᠠᠵᠠᠭᠤᠯᠠᠨ ᠡᠮᠤᠨᠡᠰᠢ ᠰᠤᠨᠵᠤ᠂ | ᠠᠷᠤ ᠰᠠᠪᠠᠷ ᠨᠢ ᠨᠦᠬᠦᠬᠡ ᠡᠳᠡᠬᠡᠳ ᠤᠨ ᠡᠮᠦᠨ᠎ᠡ ᠰᠠᠪᠠᠷ ᠢ ᠤᠷᠤᠯᠳᠤᠵᠤ᠂ ᠰᠡᠭᠦᠯ ᠢᠶᠠᠨ ᠠᠯᠭᠤᠷᠬᠠᠨ ᠮᠤᠷᠤᠶᠢᠯᠭᠠᠨ ᠳᠡᠬᠡᠭᠰᠢ ᠬᠠᠨᠳᠤᠭᠤᠯᠵᠠᠢ᠃ ᠬᠤᠶᠠᠷ | ᠪᠠᠷᠰ ᠤᠨ ᠨᠢᠷᠤᠭᠤᠨ ᠳᠤ ᠲᠤᠰ ᠪᠦᠷᠢ ᠨᠢᠭᠡ ᠵᠤᠤᠪᠠᠩ ᠨᠦᠬᠡ ᠲᠠᠢ᠂ ᠳᠤᠬᠠᠢ ᠶᠢᠨ ᠦᠶ᠎ᠡ ᠳᠤ ᠪᠤᠰᠤᠳ ᠵᠠᠰᠠᠯ ᠵᠢᠮᠰᠡᠭ ᠰᠢᠭᠢᠳᠬᠡᠭᠰᠡᠨ ᠪᠤᠯᠤᠯᠳᠠᠢ᠃ | ᠡᠨᠡ ᠬᠦ ᠴᠢᠮᠡᠭᠯᠡᠯ ᠤᠨ ᠡᠳ᠋ ᠨᠢ ᠬᠤᠶᠠᠷ ᠪᠠᠮᠪᠠᠷ ᠤᠨ ᠬᠠᠷᠢᠯᠴᠠᠨ ᠬᠠᠵᠠᠯᠳᠤᠨ ᠨᠠᠭᠠᠳᠬᠤ ᠦᠶ᠎ᠡ ᠶᠢᠨ ᠭᠤᠶᠢᠳᠠ ᠰᠠᠶᠢᠬᠠᠨ ᠬᠤᠷᠣᠮ ᠢ ᠳᠤᠰᠬᠠᠨ᠂ ᠳᠦᠷᠰᠦ | ᠪᠦᠲᠦᠭᠡᠯᠲᠡ ᠨᠢ ᠠᠮᠢᠳᠤᠯᠢᠭ᠂ ᠬᠥᠭᠡᠷᠦᠬᠦᠨ ᠴᠤᠪᠤᠭᠤᠯᠢᠭ᠂ ᠵᠢᠷᠤᠭᠠᠰᠤ ᠨᠢ ᠰᠢᠯᠤᠭᠤᠬᠠᠨ ᠪᠠᠶᠢᠵᠤ᠂ ᠣᠷᠳᠣᠰ ᠤᠨ ᠬᠦᠷᠡᠯ ᠪᠠᠭᠠᠵᠢ ᠶᠢᠨ ᠳᠤᠮᠳᠠ ᠳᠤᠮᠳᠠᠳᠤ | ᠤᠯᠤᠰ ᠤᠨ ᠡᠷᠲᠡ ᠦᠶ᠎ᠡ ᠶᠢᠨ ᠤᠮᠠᠷᠠᠲᠤ ᠶᠢᠨ ᠦᠨᠳᠦᠰᠦᠲᠡᠨ ᠤ ᠬᠡᠲᠦᠶᠢᠳᠦᠭᠰᠡᠨ ᠤᠷᠠᠯᠢᠭ ᠢ ᠳᠠᠬᠢᠨ ᠢᠯᠡᠷᠡᠭᠦᠯᠬᠦ ᠴᠢᠳᠠᠪᠤᠷᠢ ᠪᠠ ᠲᠡᠮᠦᠷᠯᠢᠭ ᠴᠢᠳᠬᠤᠬᠤ | ᠤᠷᠠᠯᠠᠯ ᠢ ᠳᠡᠯᠭᠡᠨ ᠦᠵᠡᠭᠦᠯᠦᠭᠰᠡᠨ ᠬᠤᠪᠣᠷ ᠨᠠᠨᠳᠢᠨ ᠡᠳ᠋ ᠪᠤᠯᠤᠨ᠎ᠠ᠃ |