ᠬᠠᠪᠤᠷ ᠤᠨ ᠬᠤᠭᠤᠴᠠᠭᠠᠨ ᠳᠤ ᠮᠠᠨ ᠤ ᠤᠯᠤᠰ ᠤᠨ ᠤᠯᠠᠨ ᠭᠠᠵᠠᠷ ᠤᠨ ᠴᠠᠭ ᠠᠭᠤᠷ ᠮᠦᠨ ᠯᠠ | ᠬᠦᠢᠳᠡᠨ ᠪᠠᠶᠢᠳᠠᠭ ᠢᠶᠠᠷ ᠪᠡᠶ᠎ᠡ ᠰᠤᠪᠢᠯᠠᠬᠤ ᠳᠤ ᠬᠦᠢᠳᠡᠨ ᠠᠴᠠ ᠰᠡᠷᠬᠡᠶᠢᠯᠡᠵᠤ᠂ ᠪᠦᠯᠢᠶᠡᠨ ᠴᠢᠨᠠᠷᠳᠠᠢ ᠮᠦᠷᠳᠡᠬᠡᠨ | ᠰᠢᠮ᠎ᠡ ᠳᠡᠵᠢᠬᠡᠯ ᠡᠯᠪᠡᠭ ᠠᠭᠤᠯᠤᠭᠰᠠᠨ ᠢᠳᠡᠬᠡᠨ ᠢ ᠢᠯᠡᠬᠦᠬᠡᠨ ᠢᠳᠡᠪᠡᠯ ᠵᠤᠬᠢᠨ᠎ᠠ᠃ | ᠦᠬᠡᠬᠦ ᠳᠤᠰᠤ ᠡᠯᠪᠡᠭ ᠢᠳᠡᠬᠡᠨ ᠢ ᠪᠠᠭ᠎ᠠ ᠢᠳᠡᠪᠡᠯ ᠵᠤᠬᠢᠨ᠎ᠠ | ᠬᠠᠪᠤᠷ ᠤᠨ ᠤᠯᠠᠷᠢᠯ ᠳᠤ ᠬᠠᠯᠠᠭᠤᠷᠠᠬᠤ ᠪᠠᠶᠢᠳᠠᠯ ᠠᠮᠠᠷᠬᠠᠨ ᠢᠯᠡᠷᠡᠳᠡᠭ ᠢᠶᠠᠷ᠂ ᠢᠳᠡᠬᠡᠨ ᠤᠮᠳᠠᠭᠠᠨ ᠢᠶᠠᠨ | ᠵᠤᠬᠢᠰᠳᠠᠢ ᠳᠤᠬᠢᠷᠠᠭᠤᠯᠤᠨ᠂ ᠭᠤᠱᠤᠭᠤᠨ ᠰᠡᠳᠤᠯᠳᠡ ᠲᠠᠢ ᠢᠳᠡᠬᠡᠨ ᠢ ᠬᠡᠳᠤᠷᠡᠳᠡᠯ᠎ᠡ ᠢᠳᠡᠬᠦ ᠦᠬᠡᠢ᠂ | ᠬᠣ᠋ ᠯᠣᠣᠪᠠᠩ᠂ ᠵᠢᠵᠢᠭ ᠴᠠᠭᠠᠨ ᠨᠤᠭᠤᠭ᠎ᠠ ᠵᠡᠷᠬᠡ ᠸᠢᠲ᠋ᠠᠮᠢᠨ ᠠᠭᠤᠯᠤᠭᠰᠠᠨ ᠢᠳᠡᠬᠡᠨ ᠢ ᠢᠯᠡᠬᠦᠬᠡᠨ ᠢᠳᠡᠪᠡᠯ | ᠵᠤᠬᠢᠨ᠎ᠠ᠃ | ᠤᠭᠤᠷᠠᠭ ᠨᠦᠬᠦᠪᠤᠷᠢᠯᠡᠨ᠎ᠡ | ᠬᠠᠪᠤᠷ ᠤᠭᠤᠷᠠᠭ ᠡᠯᠪᠡᠭ ᠠᠭᠤᠯᠤᠭᠰᠠᠨ ᠢᠳᠡᠬᠡᠨ ᠢ ᠢᠯᠡᠬᠦᠬᠡᠨ ᠢᠳᠡᠨ᠎ᠡ᠃ ᠵᠢᠱᠢᠶᠡᠯᠡᠪᠡᠯ ᠳᠠᠬᠢᠶᠠᠨ | ᠦᠨᠳᠡᠭᠡ᠂ ᠦᠬᠡᠷ ᠤᠨ ᠮᠢᠬ᠎ᠠ ᠵᠡᠷᠬᠡ ᠨᠢ ᠬᠦᠮᠦᠨ ᠤ ᠪᠡᠶ᠎ᠡ ᠶᠢᠨ ᠡᠪᠡᠳᠴᠢᠨ ᠢ ᠡᠰᠡᠷᠬᠦᠴᠡᠬᠦ ᠴᠢᠳᠠᠪᠤᠷᠢ ᠶᠢ | ᠳᠡᠬᠡᠭᠰᠢᠯᠡᠬᠦᠯᠦᠨ᠎ᠡ᠃ | ᠪᠦᠳᠦᠬᠦᠯᠢᠭ ᠠᠮᠤ ᠢᠯᠡᠬᠦᠦ ᠢᠳᠡᠪᠡᠯ ᠵᠤᠬᠢᠨ᠎ᠠ | ᠨᠠᠷᠢᠮᠤ᠂ ᠠᠮᠳᠠᠳᠤ ᠲᠦᠮᠦᠰᠤ᠂ ᠪᠤᠷᠴᠠᠭ ᠵᠡᠷᠬᠡ ᠢᠳᠡᠬᠡᠨ ᠨᠢ ᠪᠦᠷ ᠪᠦᠳᠦᠬᠦᠯᠢᠭ ᠠᠮᠤ ᠳᠤ ᠪᠠᠭᠳᠠᠨ᠎ᠠ᠂ | ᠳᠡᠬᠦᠨ ᠳᠤ ᠢᠳᠡᠬᠡᠨ ᠤ ᠰᠢᠷᠬᠡᠭᠯᠢᠭ ᠡᠳ᠋ ᠡᠯᠪᠡᠭ ᠠᠭᠤᠯᠤᠭᠳᠠᠵᠤ ᠪᠠᠶᠢᠳᠠᠭ᠃ | ᠪᠦᠯᠢᠶᠡᠨ ᠴᠢᠨᠠᠷᠳᠠᠢ ᠢᠳᠡᠬᠡᠨ ᠢ ᠢᠯᠡᠬᠦᠬᠡᠨ ᠢᠳᠡᠪᠡᠯ ᠵᠤᠬᠢᠨ᠎ᠠ | ᠠᠭᠠᠷ ᠤᠨ ᠳᠤᠯᠠᠭᠠᠨ ᠨᠡᠯᠢᠶᠡᠳ ᠳᠤᠤᠷ᠎ᠠ ᠦᠶ᠎ᠡ ᠳᠤ᠂ ᠰᠢᠯᠦᠬᠡᠢ᠂ ᠳᠤᠳᠤᠷᠭ᠎ᠠ᠂ ᠴᠢᠪᠠᠭ᠎ᠠ ᠵᠡᠷᠬᠡ | ᠪᠦᠯᠢᠶᠡᠨ ᠴᠢᠨᠠᠷᠳᠠᠢ ᠢᠳᠡᠬᠡᠨ ᠢ ᠢᠯᠡᠬᠦᠦ ᠢᠳᠡᠪᠡᠯ ᠪᠡᠶ᠎ᠡ ᠶᠢᠨ ᠬᠡᠷᠡᠭᠰᠡᠬᠦ ᠢᠯᠴᠢ ᠶᠢᠨ ᠬᠡᠮᠵᠢᠶ᠎ᠡ ᠶᠢ | ᠨᠦᠬᠦᠪᠤᠷᠢᠯᠡᠵᠤ᠂ ᠬᠦᠢᠳᠡᠨ ᠠᠴᠠ ᠰᠡᠷᠬᠡᠶᠢᠯᠡᠵᠤ ᠴᠢᠳᠠᠨ᠎ᠠ᠃ | | | |