ᠭᠠᠩᠰᠠᠷᠠᠬᠤ ᠬᠡᠮ ᠢ ᠵᠠᠰᠠᠬᠤ ᠳᠤ ᠶᠠᠮᠠᠷ ᠳᠠᠮᠢᠷ ᠤᠨ ᠬᠦᠳᠡᠯᠬᠡᠬᠡᠨ ᠬᠠᠮᠤᠭ ᠠᠴᠠ ᠳᠤᠰᠠᠳᠠᠢ ᠪᠤᠢ︖
ᠨᠡᠶᠢᠲᠡᠯᠡᠭᠰᠡᠨ ᠴᠠᠭ᠄
2024/4/2
      ᠭᠠᠩᠰᠠᠷᠠᠬᠤ ᠬᠡᠮ ᠢ ᠵᠠᠰᠠᠬᠤ ᠤᠯᠠᠨ ᠵᠦᠢᠯ ᠤᠨ ᠠᠷᠭ᠎ᠠ ᠵᠠᠮ ᠤᠨ ᠳᠤᠮᠳᠠ᠂ ᠳᠠᠮᠢᠷ ᠤᠨ ᠬᠦᠳᠡᠯᠬᠡᠬᠡᠨ ᠦᠷᠬᠦᠯᠵᠢ ᠳᠤᠷᠠᠳᠤᠭᠳᠠᠳᠠᠭ ᠨᠢᠬᠡᠨ ᠪᠠᠶᠢᠵᠤ᠂ ᠳᠡᠬᠦᠨ ᠤ ᠠᠴᠢ ᠳᠤᠰᠠ ᠨᠢ ᠮᠠᠰᠢ ᠤᠯᠠᠨ ᠰᠢᠨᠵᠢᠯᠡᠬᠦ ᠤᠬᠠᠭᠠᠨ ᠤ ᠰᠤᠳᠤᠯᠭᠠᠨ ᠢᠶᠠᠷ ᠬᠡᠷᠡᠴᠢᠯᠡᠭᠳᠡᠭᠰᠡᠨ ᠪᠠᠶᠢᠳᠠᠭ᠃       ᠬᠡᠪᠡᠴᠤ ᠠᠳᠠᠯᠢ ᠪᠤᠰᠤ ᠬᠦᠮᠦᠰ ᠲᠤ ᠵᠤᠷᠢᠭᠤᠯᠤᠨ ᠠᠯᠢ ᠵᠦᠢᠯ ᠤᠨ ᠳᠠᠮᠢᠷ ᠤᠨ ᠬᠦᠳᠡᠯᠬᠡᠬᠡᠨ ᠢ ᠰᠤᠩᠭᠤᠪᠠᠯ ᠬᠠᠮᠤᠭ ᠠᠴᠠ ᠢᠯᠡᠬᠦᠦ ᠳᠤᠰᠠ ᠲᠠᠢ ᠪᠠᠶᠢᠳᠠᠭ ᠪᠤᠯ︖       ᠦᠢᠷ᠎ᠠ ᠳᠤ ︽ᠠᠩᠭ᠍ᠯᠢ ᠶᠢᠨ ᠠᠨᠠᠭᠠᠬᠤ ᠤᠬᠠᠭᠠᠨ ᠤ ᠰᠡᠳᠬᠦᠯ︾ ᠳᠤ ᠨᠡᠶᠢᠳᠡᠯᠡᠭᠳᠡᠭᠰᠡᠨ ᠨᠢᠬᠡᠨ ᠴᠢᠬᠤᠯᠠ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠠᠯᠬᠤᠬᠤ᠂ ᠶᠤᠭ᠎ᠠ᠂ ᠠᠭᠠᠵᠢᠮ ᠬᠦᠶᠦᠬᠦ ᠪᠠ ᠬᠦᠴᠦᠨ ᠤ ᠪᠤᠯᠪᠠᠰᠤᠷᠠᠯ ᠬᠢᠬᠦ ᠵᠡᠷᠬᠡ ᠳᠠᠮᠢᠷ ᠤᠨ ᠬᠦᠳᠡᠯᠬᠡᠬᠡᠨ ᠤ ᠠᠷᠭ᠎ᠠ ᠮᠠᠶ᠋ᠢᠭ ᠨᠢ ᠭᠠᠩᠰᠠᠷᠠᠬᠤ ᠬᠡᠮ ᠢ ᠵᠠᠰᠠᠬᠤ ᠳᠠᠯ᠎ᠠ ᠪᠠᠷ ᠰᠡᠳᠬᠢᠴᠡ  ᠶᠢᠨ ᠡᠮᠴᠢᠯᠡᠭᠡ ᠲᠠᠢ ᠠᠳᠠᠯᠢᠬᠠᠨ ᠦᠷ᠎ᠡ ᠠᠰᠢᠭ ᠲᠠᠢ ᠬᠡᠵᠡᠢ᠃       ᠡᠬᠦᠨ ᠤ ᠳᠤᠬᠠᠢ ︽ᠠᠮᠢ ᠨᠠᠰᠤ ᠴᠠᠭ ᠤᠨ ᠰᠤᠨᠢᠨ︾ ᠤ ᠰᠤᠷᠪᠤᠯᠵᠢᠯᠠᠭᠴᠢ ᠠᠴᠠ ᠪᠡᠬᠡᠵᠢᠩ ᠤᠨ ᠪᠡᠶ᠎ᠡ  ᠶᠢᠨ ᠳᠠᠮᠢᠷ ᠤᠨ ᠶᠡᠭᠡ ᠰᠤᠷᠭᠠᠭᠤᠯᠢ ᠶᠢᠨ ᠪᠡᠶ᠎ᠡ ᠶᠢᠨ ᠳᠠᠮᠢᠷ ᠤᠨ ᠬᠦᠳᠡᠯᠬᠡᠬᠡᠨ ᠤ ᠬᠦᠮᠦᠨ ᠤ ᠪᠡᠶ᠎ᠡ ᠶᠢᠨ ᠳᠠᠮᠢᠷ ᠤᠨ ᠰᠢᠨᠵᠢᠯᠡᠬᠦ ᠤᠬᠠᠭᠠᠨ ᠤ ᠳᠡᠬᠡᠳᠤ ᠰᠤᠷᠭᠠᠭᠤᠯᠢ ᠶᠢᠨ ᠫᠷᠤᠹᠰᠰᠤᠷ᠂ ᠳᠤᠰᠬᠠᠢ ᠮᠡᠷᠬᠡᠵᠢᠯᠳᠡᠨ ᠰᠤ᠋ ᠬᠤᠤ ᠶᠢ ᠰᠤᠷᠪᠤᠯᠵᠢᠯᠠᠵᠤ᠂ ᠠᠳᠠᠯᠢ ᠪᠤᠰᠤ ᠪᠦᠯᠦᠭ ᠤᠨ ᠬᠦᠮᠦᠰ ᠲᠤ ᠳᠤᠬᠢᠷᠠᠬᠤ ᠭᠠᠩᠰᠠᠷᠠᠬᠤ ᠬᠡᠮ ᠢ ᠵᠠᠰᠠᠬᠤ ᠬᠠᠮᠤᠭ ᠤᠨ ᠰᠠᠶᠢᠨ ᠳᠠᠮᠢᠷ ᠤᠨ ᠬᠦᠳᠡᠯᠬᠡᠬᠡᠨ ᠢ ᠬᠡᠯᠡᠵᠤ ᠦᠭᠴᠠᠢ᠃       ᠡᠨᠡ ᠬᠦ ᠳᠤᠮᠤ ᠬᠡᠯᠪᠡᠷᠢ ᠶᠢᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠬᠦᠴᠦᠨ ᠤ ᠪᠤᠯᠪᠠᠰᠤᠷᠠᠯ ᠨᠢ ᠡᠮᠡᠭᠳᠡᠶᠢᠴᠤᠳ ᠤᠨ ᠭᠠᠩᠰᠠᠷᠠᠬᠤ ᠬᠡᠮ ᠢ ᠨᠠᠮᠳᠠᠭᠠᠬᠤ ᠳᠤ ᠨᠡᠩ ᠳᠤᠰᠠᠳᠠᠢ᠂ ᠶᠤᠭ᠎ᠠ᠂ ᠠᠮᠢᠰᠬᠤᠯ ᠤᠨ ᠳᠠᠮᠢᠷ ᠨᠢ ᠡᠷᠡᠭᠳᠡᠶᠢᠴᠤᠳ ᠲᠤ ᠨᠡᠩ ᠳᠤᠰᠠᠳᠠᠢ︔ ᠶᠤᠭ᠎ᠠ ᠨᠢ ᠨᠠᠰᠤᠳᠠᠶᠢᠴᠤᠳ ᠤᠨ ᠳᠤᠮᠳᠠ ᠨᠡᠩ ᠢᠯᠡᠬᠦᠦ ᠦᠢᠯᠡᠳᠤᠯ ᠲᠠᠢ᠂ ᠬᠦᠴᠦᠨ ᠤ ᠪᠤᠯᠪᠠᠰᠤᠷᠠᠯ ᠨᠢ ᠵᠠᠯᠠᠭᠤᠴᠤᠳ ᠤᠨ ᠳᠤᠮᠳᠠ ᠨᠡᠩ ᠢᠯᠡᠬᠦᠦ ᠦᠢᠯᠡᠳᠤᠯ ᠲᠠᠢ︔ ᠬᠤᠪᠢ ᠬᠦᠮᠦᠨ ᠪᠠ ᠪᠦᠯᠬᠦᠮ ᠤᠨ ᠬᠦᠳᠡᠯᠬᠡᠬᠡᠨ ᠤ ᠦᠷ᠎ᠡ ᠳ᠋ᠦᠩ ᠨᠢ ᠠᠳᠠᠯᠢᠪᠳᠤᠷ᠃ ᠤᠨᠴᠠᠭᠠᠶᠢᠯᠠᠨ ᠡᠳᠡᠬᠡᠷ ᠳᠠᠮᠢᠷ ᠤᠨ ᠬᠦᠳᠡᠯᠬᠡᠬᠨ  ᠨᠢ ᠨᠡᠯᠢᠶᠡᠳ ᠦᠨᠳᠤᠷ ᠬᠦᠴᠦᠯᠡᠴᠡ ᠪᠠᠷ ᠶᠠᠪᠤᠭᠳᠠᠬᠤ ᠦᠶ᠎ᠡ ᠳᠤ ᠦᠷ᠎ᠡ ᠳ᠋ᠦᠩ ᠨᠢ ᠨᠡᠩ ᠢᠯᠡᠷᠬᠡᠢ ᠪᠠᠶᠢᠳᠠᠭ ᠬᠡᠵᠡᠢ᠃       ᠳᠡᠬᠡᠷᠡᠬᠢ ᠰᠤᠳᠤᠯᠭᠠᠨ ᠤ ᠦᠷ᠎ᠡ ᠳ᠋ᠦᠩ ᠲᠠᠢ ᠤᠶᠠᠯᠳᠤᠭᠤᠯᠤᠨ᠂ ᠰᠤ᠋ ᠬᠤᠤ ᠫᠷᠤᠹᠧᠰᠰᠤᠷ ᠠᠴᠠ ᠳᠤᠤᠷᠠᠬᠢ ᠵᠦᠪᠯᠡᠯᠬᠡ ᠶᠢ ᠭᠠᠷᠭᠠᠵᠠᠢ᠄       ᠪᠦᠰᠡᠬᠦᠶᠢᠴᠤᠳ᠄ ᠶᠤᠭ᠎ᠠ᠂ ᠬᠦᠴᠦᠨ ᠤ ᠪᠤᠯᠪᠠᠰᠤᠷᠠᠯ       ᠠᠯᠪᠠᠨ ᠠᠵᠢᠯ ᠲᠠᠢ ᠪᠦᠰᠡᠬᠦᠶᠢᠴᠤᠳ ᠲᠤ ᠠᠪᠴᠤ ᠬᠡᠯᠡᠪᠡᠯ᠂ ᠪᠠᠴᠢᠮ ᠶᠠᠭᠠᠷᠠᠯᠳᠠᠢ ᠠᠵᠢᠯ ᠤᠨ ᠠᠶᠢᠵᠢᠮ  ᠨᠢ ᠤᠳᠠᠭᠠᠨ ᠰᠠᠭᠤᠬᠤ᠂ ᠤᠷᠳᠤ ᠬᠤᠭᠤᠴᠠᠭ᠎ᠠ ᠪᠠᠷ ᠶᠠᠳᠠᠷᠠᠬᠤ᠂ ᠴᠤᠭ ᠰᠦᠯᠳᠡ ᠦᠬᠡᠢ ᠪᠤᠯᠬᠤ᠂ ᠤᠷᠳᠤ ᠬᠤᠭᠤᠴᠠᠭ᠎ᠠ ᠪᠠᠷ ᠨᠤᠶᠢᠷ ᠬᠤᠯᠵᠢᠬᠤ᠂ ᠴᠠᠭ ᠨᠡᠮᠡᠵᠤ ᠠᠵᠢᠯᠯᠠᠬᠤ᠂ ᠰᠦᠨᠢᠵᠢᠨ ᠰᠠᠭᠤᠬᠤ ᠵᠡᠷᠬᠡ ᠪᠠᠶᠢᠳᠠᠯ ᠢ ᠠᠮᠠᠷᠬᠠᠨ ᠪᠤᠢ ᠪᠤᠯᠭᠠᠳᠠᠭ ᠠᠴᠠ᠂ ᠭᠠᠩᠰᠠᠷᠠᠬᠤ ᠬᠡᠮ ᠢ ᠨᠡᠩ ᠬᠦᠨᠳᠤᠷᠡᠬᠦᠯᠳᠡᠭ᠃       ᠪᠦᠰᠡᠬᠦᠶᠢᠴᠤᠳ ᠤᠶᠤᠨ ᠰᠠᠨᠠᠭᠠᠨ ᠤ ᠳᠠᠷᠤᠯᠳᠠ ᠶᠡᠭᠡ ᠪᠠᠶᠢᠬᠤ ᠦᠶ᠎ᠡ ᠳᠤ ᠶᠤᠭ᠎ᠠ ᠶᠢ ᠳᠤᠷᠰᠢᠵᠤ ᠪᠤᠯᠤᠨ᠎ᠠ᠂ ᠶᠤᠭ᠎ᠠ ᠨᠢ ᠪᠤᠯᠴᠢᠩ ᠮᠢᠬ᠎ᠠ ᠪᠠᠨ ᠰᠤᠩᠭᠠᠬᠤ ᠪᠠ ᠠᠮᠢᠰᠬᠤᠯ ᠤᠨ ᠬᠠᠮᠵᠢᠯᠴᠠᠭ᠎ᠠ ᠪᠠᠷ ᠳᠠᠮᠵᠢᠨ᠂ ᠦᠪᠡᠷ  ᠢ ᠪᠠᠨ ᠠᠳᠬᠤᠷᠠᠭᠰᠠᠨ ᠪᠠᠶᠢᠳᠠᠯ ᠠᠴᠠ ᠴᠢᠯᠦᠬᠡᠯᠡᠵᠤ᠂ ᠪᠡᠶ᠎ᠡ ᠰᠡᠳᠬᠢᠯ ᠢᠶᠠᠨ ᠠᠮᠠᠷᠠᠭᠠᠵᠤ ᠠᠭᠤᠵᠢᠷᠠᠭᠤᠯᠤᠨ᠎ᠠ᠃       ᠨᠦᠬᠦᠴᠡᠯ ᠪᠤᠯᠤᠯᠴᠠᠭ᠎ᠠ ᠲᠠᠢ ᠪᠦᠰᠡᠬᠦᠶᠢᠴᠤᠳ ᠪᠡᠶ᠎ᠡ ᠪᠤᠯᠪᠠᠰᠤᠷᠠᠭᠤᠯᠬᠤ ᠭᠠᠵᠠᠷ ᠲᠤ ᠬᠦᠷᠴᠤ ᠳᠡᠮᠡᠴᠡᠬᠡᠨ᠂ ᠲᠦᠢᠪᠡᠩ ᠡᠷᠬᠦᠬᠦ ᠵᠡᠷᠬᠡ ᠬᠦᠴᠦᠨ ᠤ ᠪᠤᠯᠪᠠᠰᠤᠷᠠᠯ ᠢ ᠰᠤᠷᠬᠤ ᠪᠤᠶᠤ ᠬᠡᠷ ᠲᠡᠭᠡᠨ ᠤᠴᠤᠶᠢᠬᠤ᠂ ᠠᠯᠬᠤᠬᠤ᠂ ᠡᠯᠢᠬᠡᠳᠡᠵᠤ ᠳᠤᠯᠬᠤ ᠵᠡᠷᠬᠡ ᠬᠦᠳᠡᠯᠬᠡᠬᠡᠨ ᠬᠢᠵᠤ ᠪᠤᠯᠪᠠᠰᠤᠷᠠᠨ᠎ᠠ᠃       ᠪᠠᠰᠠ ᠠᠵᠢᠯ ᠠᠮᠢᠳᠤᠷᠠᠯ ᠳᠤᠮᠳᠠ ᠪᠠᠨ ᠳᠠᠮᠢᠷ ᠤᠨ ᠬᠦᠳᠡᠯᠬᠡᠬᠡᠨ ᠢ ᠠᠭᠤᠰᠬᠠᠨ ᠤᠷᠤᠭᠤᠯᠵᠤ ᠪᠤᠯᠤᠨ᠎ᠠ᠂ ᠵᠢᠱᠢᠶᠡᠯᠡᠪᠡᠯ ᠨᠢᠬᠡ ᠴᠠᠭ ᠠᠵᠢᠯᠯᠠᠭᠠᠳ ᠪᠤᠰᠴᠤ 5  ᠮᠢᠨᠦ᠋ᠲ ᠬᠦᠳᠡᠯᠬᠡᠬᠡᠨ ᠬᠢᠬᠦ᠂ ᠤᠴᠤᠶᠢᠵᠤ ᠠᠯᠬᠤᠬᠤ᠂ ᠡᠯᠢᠬᠡᠳᠡᠵᠤ ᠭᠠᠷ ᠳᠤᠯᠬᠤ᠂ ᠷᠠᠳᠢᠤ᠋ ᠪᠡᠶ᠎ᠡ ᠳᠠᠮᠢᠷ ᠵᠡᠷᠬᠡ ᠨᠢ ᠪᠦᠷ ᠬᠡᠵᠢᠶ᠎ᠡ ᠬᠠᠮᠢᠭ᠎ᠠ ᠴᠤ ᠬᠢᠵᠤ ᠪᠤᠯᠬᠤ ᠳᠠᠮᠢᠷ ᠤᠨ ᠬᠦᠳᠡᠯᠬᠡᠬᠡᠨ ᠶᠤᠮ᠂ ᠡᠳᠡᠬᠡᠷ ᠳᠠᠮᠢᠷ ᠤᠨ ᠬᠦᠳᠡᠯᠬᠡᠬᠡᠨ ᠨᠢ ᠬᠦᠰᠢᠭᠰᠡᠨ ᠪᠤᠯᠴᠢᠩ ᠢ ᠳᠠᠶᠢᠪᠤᠰᠢᠷᠠᠭᠤᠯᠵᠤ᠂ ᠨᠢᠷᠤᠭᠤ ᠱᠠᠷᠬᠢᠷᠠᠵᠤ ᠡᠪᠡᠳᠬᠦ ᠶᠢ ᠨᠠᠮᠳᠠᠭᠠᠬᠤ ᠪᠠᠷ ᠪᠠᠷᠠᠬᠤ ᠦᠬᠡᠢ ᠪᠠᠰᠠ ᠳᠠᠷᠢᠬᠢ ᠶᠢ ᠠᠮᠠᠷᠠᠭᠠᠵᠤ᠂ ᠴᠤᠭ ᠵᠢᠪᠬᠤᠭ᠎ᠠ ᠲᠠᠢ ᠪᠤᠯᠭᠠᠵᠤ ᠴᠢᠳᠠᠨ᠎ᠠ᠃       ᠵᠠᠯᠠᠭᠤᠴᠤᠳ᠄ ᠠᠭᠠᠵᠢᠮ ᠬᠦᠶᠦᠬᠦ᠂ ᠬᠦᠴᠦᠨ ᠤ ᠪᠤᠯᠪᠠᠰᠤᠷᠠᠯ᠂ ᠰᠡᠯᠬᠦᠬᠡ ᠪᠤᠯᠪᠠᠰᠤᠷᠠᠯ       ᠵᠠᠯᠠᠭᠤᠴᠤᠳ ᠤᠨ ᠭᠠᠩᠰᠠᠷᠠᠬᠤ ᠬᠡᠮ ᠢ ᠤᠯᠵᠤ ᠮᠡᠳᠡᠬᠦ ᠳᠤ ᠪᠡᠷᠬᠡᠳᠡᠢ ᠪᠠᠶᠢᠳᠠᠭ᠂ ᠤᠯᠠᠩᠬᠢ ᠡᠷᠡᠭᠳᠡᠶᠢᠴᠤᠳ ᠪᠠᠭ᠎ᠠ ᠠᠴᠠ ᠪᠠᠨ ︽ᠡᠷ᠎ᠡ ᠬᠦᠮᠦᠨ ᠴᠢᠰᠤ ᠤᠷᠤᠰᠬᠠᠬᠤ ᠠᠴᠠ ᠪᠢᠰᠢ ᠨᠢᠯᠪᠤᠰᠤ ᠤᠨᠠᠭᠠᠬᠤ ᠦᠬᠡᠢ︾ ᠬᠡᠬᠦ ᠬᠦᠮᠦᠵᠢᠯ ᠳᠤ ᠬᠦᠳᠦᠯᠦᠭᠳᠡᠨ᠂ ᠪᠠᠰᠠ ᠨᠢᠭᠤᠷᠰᠠᠭ ᠰᠡᠳᠬᠢᠯᠬᠡ ᠠᠴᠠ ᠪᠤᠯᠵᠤ ᠭᠠᠩᠰᠠᠷᠠᠬᠤ ᠬᠡᠮ ᠲᠠᠢ ᠪᠤᠯᠪᠠᠯ ᠳᠡᠳᠡ ᠶᠡᠷᠦ ᠳᠡᠭᠡᠨ ᠦᠬᠡᠶᠢᠰᠬᠡᠬᠦ ᠪᠤᠶᠤ ᠨᠢᠭᠤᠨ ᠳᠠᠯᠳᠠᠯᠠᠳᠠᠭ᠃       ᠵᠠᠯᠠᠭᠤᠴᠤᠳ ᠲᠤ ᠠᠪᠴᠤ ᠬᠡᠯᠡᠪᠡᠯ᠂ ᠭᠠᠭᠴᠠᠭᠠᠷ ᠢᠶᠠᠨ ᠬᠦᠳᠡᠯᠬᠡᠬᠡᠨ ᠬᠢᠬᠦ ᠨᠢ ᠳᠡᠳᠡᠨ ᠳᠤ ᠨᠡᠩ ᠳᠤᠬᠢᠷᠠᠮᠵᠢᠳᠡᠢ᠃ ᠪᠠᠴᠢᠮᠳᠠᠨ ᠰᠠᠨᠳᠤᠷᠬᠤ᠂ ᠭᠤᠨᠢᠵᠤ ᠭᠤᠳᠤᠷᠠᠬᠤ᠂ ᠪᠤᠬᠢᠨᠢᠳᠤᠬᠤ ᠦᠶ᠎ᠡ ᠳᠤ ᠵᠠᠯᠠᠭᠤᠴᠤᠳ ᠭᠠᠷᠴᠤ ᠬᠦᠶᠦᠬᠦ ᠪᠤᠶᠤ ᠳᠤᠭᠤᠢ ᠤᠨᠤᠵᠤ ᠶᠠᠪᠤᠨ᠎ᠠ ᠪᠤᠯᠤᠨ᠎ᠠ᠂ ᠢᠩᠬᠢᠪᠡᠯ ᠪᠠᠴᠢᠮᠳᠠᠵᠤ ᠰᠠᠨᠳᠤᠷᠬᠤ ᠶᠢ ᠨᠠᠮᠳᠠᠭᠠᠵᠤ᠂ ᠨᠠᠷᠠᠨ ᠳᠤ ᠭᠠᠷᠤᠭᠰᠠᠨ ᠠᠴᠠ ᠪᠤᠬᠢᠨᠢᠳᠤᠬᠤ ᠲᠦᠭᠰᠢᠬᠦᠷᠢ ᠶᠢ ᠪᠠᠭᠠᠰᠬᠠᠵᠤ᠂ ᠭᠠᠳᠠᠨᠠᠬᠢ ᠦᠩᠬᠡ ᠦᠵᠡᠮᠵᠢ ᠶᠢ ᠰᠤᠨᠢᠷᠬᠠᠬᠤ ᠪᠠᠷ ᠳᠠᠮᠵᠢᠭᠤᠯᠤᠨ ᠰᠡᠳᠬᠢᠯ ᠰᠠᠨᠠᠭ᠎ᠠ ᠪᠠᠨ ᠳᠠᠶᠢᠪᠤᠰᠢᠷᠠᠭᠤᠯᠵᠤ ᠳᠡᠶᠢᠯᠳᠡᠭ᠃       ᠡᠬᠦᠨ ᠠᠴᠠ ᠭᠠᠳᠠᠨ᠎ᠠ᠂ ᠬᠦᠴᠦᠨ ᠤ ᠪᠤᠯᠪᠠᠰᠤᠷᠠᠯ ᠨᠢ ᠪᠤᠯᠴᠢᠩ ᠮᠢᠬ᠎ᠠ ᠶᠢ ᠤᠯᠠᠮ ᠴᠢᠬᠢᠷᠠᠭᠵᠢᠭᠤᠯᠵᠤ᠂ ᠪᠡᠶ᠎ᠡ ᠳᠡᠭᠡᠨ ᠢᠳᠡᠬᠡᠯ ᠲᠠᠢ ᠪᠤᠯᠭᠠᠳᠠᠭ᠃ ᠵᠠᠯᠠᠭᠤᠴᠤᠳ ᠨᠠᠭᠠᠳᠤ ᠵᠠᠬ᠎ᠠ ᠳᠠᠭᠠᠨ ᠭᠠᠷᠠᠭ ᠪᠦᠷᠢ 150  ᠮᠢᠨᠦ᠋ᠲ  ᠤᠨ ᠳᠤᠮᠳᠠ ᠶᠢᠨ ᠬᠦᠴᠦᠯᠡᠴᠡ ᠲᠠᠢ ᠬᠦᠴᠢᠯᠳᠦ᠋ᠷᠦᠭᠴᠢᠳᠤ ᠳᠠᠮᠢᠷ ᠪᠤᠶᠤ 75  ᠮᠢᠨᠦ᠋ᠲ ᠤᠨ ᠦᠨᠳᠤᠷ ᠬᠦᠴᠦᠯᠡᠴᠡ ᠲᠠᠢ ᠬᠦᠴᠢᠯᠳᠦ᠋ᠷᠦᠭᠴᠢᠳᠤ ᠳᠠᠮᠢᠷ ᠵᠢᠴᠢ 2 ᠡᠳᠤᠷ ᠠᠴᠠ ᠳᠡᠬᠡᠭᠰᠢ ᠪᠦᠬᠦ ᠪᠡᠶ᠎ᠡ ᠶᠢᠨ ᠪᠤᠯᠴᠢᠩ ᠢ ᠴᠢᠩᠭᠠᠷᠠᠭᠤᠯᠬᠤ ᠬᠦᠴᠦᠨ ᠤ ᠪᠤᠯᠪᠠᠰᠤᠷᠠᠯ ᠢ ᠪᠠᠳᠤᠯᠠᠪᠠᠯ ᠰᠠᠶᠢᠨ᠃       ᠨᠤᠶᠢᠷ ᠢᠶᠠᠨ ᠰᠠᠶᠢᠵᠢᠷᠠᠭᠤᠯᠤᠶ᠎ᠠ ᠬᠡᠪᠡᠯ᠂ ᠵᠠᠯᠠᠭᠤᠴᠤᠳ ᠦᠨᠳᠤᠷ ᠬᠦᠴᠦᠯᠡᠴᠡ ᠲᠠᠢ ᠰᠡᠯᠬᠦᠬᠡ ᠪᠤᠯᠪᠠᠰᠤᠷᠠᠯ ᠪᠤᠶᠤ ᠰᠠᠭᠰᠤᠨ ᠪᠦᠮᠪᠦᠭᠡ᠂ ᠦᠳᠦᠨ ᠪᠦᠮᠪᠦᠭᠡ ᠵᠡᠷᠬᠡ ᠦᠨᠳᠤᠷ ᠬᠦᠴᠦᠯᠡᠴᠡ ᠲᠠᠢ ᠳᠠᠮᠢᠷ ᠤᠨ ᠬᠦᠳᠡᠯᠬᠡᠬᠡᠨ ᠢ ᠰᠤᠩᠭᠤᠵᠤ ᠪᠤᠯᠤᠨ᠎ᠠ᠃       ᠪᠠᠭᠠᠴᠤᠳ᠄ ᠪᠡᠶ᠎ᠡ ᠶᠢᠨ ᠳᠠᠮᠢᠷ᠂ ᠪᠦᠮᠪᠦᠬᠡᠨ ᠤ ᠲᠦᠷᠦᠯ᠂ ᠳᠤᠭᠤᠢ ᠤᠨᠤᠬᠤ       ᠬᠡᠤᠬᠡᠳ ᠪᠠᠭᠠᠴᠤᠳ ᠦᠰᠦᠨ ᠪᠤᠶᠢᠵᠢᠯᠳᠡ ᠶᠢᠨ ᠴᠢᠬᠤᠯᠠ ᠱᠠᠳᠤᠨ ᠳᠤ ᠪᠠᠶᠢᠬᠤ ᠪᠤᠯᠪᠠᠴᠤ ᠨᠤᠶᠢᠷ ᠬᠤᠯᠵᠢᠬᠤ᠂ ᠪᠤᠬᠢᠨᠢᠳᠤᠬᠤ᠂ ᠵᠤᠪᠠᠨᠢᠬᠤ᠂ ᠨᠡᠶᠢᠬᠡᠮ ᠤᠨ ᠬᠠᠷᠢᠯᠴᠠᠭᠠᠨ ᠤ ᠬᠠᠷᠰᠢ ᠰᠠᠭᠠᠳ ᠵᠡᠷᠬᠡ ᠤᠶᠤᠨ ᠰᠠᠨᠠᠭᠠᠨ  ᠤ ᠰᠡᠳᠬᠢᠴᠡ ᠶᠢᠨ ᠠᠰᠠᠭᠤᠳᠠᠯ ᠨᠢ ᠴᠦᠬᠡᠨ ᠪᠤᠰᠤ ᠵᠠᠯᠠᠭᠤᠴᠤᠳ ᠪᠠᠭᠠᠴᠤᠳ ᠢ ᠵᠤᠪᠠᠭᠠᠵᠤ ᠪᠠᠶᠢᠳᠠᠭ ᠠᠴᠠ ᠳᠠᠮᠢᠷ  ᠤᠨ ᠬᠦᠳᠡᠯᠬᠡᠬᠡᠨ ᠳᠤ ᠤᠷᠤᠯᠴᠠᠬᠤ ᠨᠢ ᠳᠡᠳᠡᠨ ᠤ ᠡᠷᠡᠬᠦᠯ ᠪᠤᠰᠤ ᠤᠷᠮ᠎ᠠ ᠰᠡᠳᠬᠢᠯᠬᠡ ᠶᠢ ᠨᠠᠮᠳᠠᠭᠠᠵᠤ᠂ ᠤᠷᠢ ᠵᠠᠯᠠᠭᠤ ᠨᠠᠰᠤᠨ ᠤ ᠤᠷᠮ᠎ᠠ ᠵᠤᠷᠢᠭ ᠢ ᠨᠢ ᠬᠦᠭᠵᠢᠬᠡᠬᠦ ᠳᠤ ᠳᠤᠰᠠᠯᠠᠳᠠᠭ᠃       ᠬᠡᠤᠬᠡᠳ ᠪᠠᠭᠠᠴᠤᠳ ᠡᠳᠤᠷ ᠲᠤ ᠨᠠᠭᠠᠳᠤ ᠵᠠᠬ᠎ᠠ ᠳᠠᠭᠠᠨ 1 ᠴᠠᠭ ᠤᠨ ᠪᠤᠯᠪᠠᠰᠤᠷᠠᠯ ᠳᠤ ᠤᠷᠤᠯᠴᠠᠬᠤ ᠶᠢ ᠰᠠᠨᠠᠭᠤᠯᠵᠤ ᠪᠠᠶᠢᠨ᠎ᠠ᠂ ᠵᠢᠱᠢᠶᠡᠯᠡᠪᠡᠯ ᠪᠡᠶ᠎ᠡ ᠶᠢᠨ ᠳᠠᠮᠢᠷ ᠬᠢᠬᠦ᠂ ᠳᠤᠭᠤᠢ ᠤᠨᠤᠬᠤ ᠵᠡᠷᠬᠡ ᠨᠢ ᠪᠡᠶ᠎ᠡ ᠮᠠᠬᠠᠪᠤᠳ ᠤᠨ ᠤᠶᠠᠨ ᠬᠠᠳᠠᠨ ᠴᠢᠨᠠᠷ ᠢ ᠰᠠᠶᠢᠵᠢᠷᠠᠭᠤᠯᠵᠤ᠂ ᠪᠡᠶ᠎ᠡ ᠮᠠᠬᠠᠪᠤᠳ ᠤᠨ ᠡᠯ᠎ᠡ ᠳᠠᠯ᠎ᠠ ᠶᠢᠨ ᠪᠤᠶᠢᠵᠢᠯᠳᠡ ᠶᠢ ᠠᠬᠢᠭᠤᠯᠬᠤ  ᠳᠤ ᠳᠤᠰᠠᠳᠠᠢ᠃       ᠡᠬᠦᠨ ᠠᠴᠠ ᠭᠠᠳᠠᠨ᠎ᠠ ᠪᠠᠰᠠ ᠬᠦᠯ ᠪᠦᠮᠪᠦᠭᠡ᠂ ᠰᠠᠭᠰᠤᠨ ᠪᠦᠮᠪᠦᠭᠡ᠂ ᠦᠳᠦᠨ ᠪᠦᠮᠪᠦᠭᠡ ᠮᠡᠳᠤ ᠶᠢᠨ ᠦᠷᠢᠰᠦᠯᠳᠦᠬᠡᠨᠳᠤ ᠴᠢᠨᠠᠷᠳᠠᠢ ᠪᠤᠶᠤ ᠳᠡᠮᠡᠴᠡᠬᠡᠨᠳᠤ ᠴᠢᠨᠠᠷᠳᠠᠢ ᠳᠠᠮᠢᠷ ᠤᠨ ᠬᠦᠳᠡᠯᠬᠡᠬᠡᠨ ᠳᠤ ᠢᠯᠡᠬᠦᠦ ᠤᠷᠤᠯᠴᠠᠵᠤ᠂ ᠮᠡᠳᠡᠷᠡᠮᠵᠢ ᠶᠢᠨ ᠴᠢᠳᠠᠪᠤᠷᠢ ᠪᠠᠨ ᠨᠡᠮᠡᠭᠳᠡᠬᠦᠯᠦᠨ᠂ ᠴᠤᠭ ᠵᠢᠪᠬᠤᠭ᠎ᠠ ᠪᠠᠨ ᠳᠡᠬᠡᠭᠰᠢᠯᠡᠬᠦᠯᠵᠤ᠂ ᠬᠦᠳᠡᠯᠬᠡᠬᠡᠨ ᠳᠠᠭᠤᠰᠤᠭᠰᠠᠨ ᠤ ᠳᠠᠷᠠᠭ᠎ᠠ ᠵᠤᠬᠢᠬᠤ ᠬᠡᠮᠵᠢᠶᠡᠨ ᠤ ᠶᠠᠳᠠᠷᠠᠬᠤ ᠲᠦᠷᠦᠭᠳᠡᠯ ᠲᠠᠢ ᠪᠤᠯᠪᠠᠯ᠂ ᠨᠡᠩ ᠠᠮᠠᠷᠬᠠᠨ ᠢᠶᠠᠷ ᠬᠦᠨ ᠨᠤᠶᠢᠷᠰᠤᠳᠠᠭ᠃       ᠳᠡᠬᠡᠷ᠎ᠡ ᠳᠤᠷᠠᠳᠤᠭᠰᠠᠨ ᠵᠦᠢᠯ ᠤᠳ ᠨᠢ ᠪᠠᠰᠠ ᠬᠦᠳᠡᠯᠬᠡᠬᠡᠨ ᠤ ᠶᠠᠪᠤᠴᠠ ᠳᠤ ᠨᠡᠶᠢᠬᠡᠮ ᠤᠨ ᠬᠠᠷᠢᠯᠴᠠᠭ᠎ᠠ  ᠶᠢ ᠠᠬᠢᠭᠤᠯᠵᠤ᠂ ᠨᠦᠬᠦᠷᠯᠡᠯ ᠢ ᠵᠤᠵᠠᠭᠠᠳᠬᠠᠵᠤ᠂ ᠨᠡᠶᠢᠬᠡᠮ ᠤᠨ ᠬᠠᠷᠢᠯᠴᠠᠭᠠᠨ ᠤ ᠬᠠᠷᠰᠢ ᠰᠠᠭᠠᠳ ᠢ ᠪᠠᠭᠠᠰᠬᠠᠬᠤ  ᠳᠤ ᠳᠤᠰᠠᠳᠠᠢ ᠶᠤᠮ᠃       ᠨᠠᠰᠤᠳᠠᠶᠢᠴᠤᠳ᠄ ᠬᠠᠷᠰᠢᠯᠠᠯ ᠤᠨ ᠡᠰᠡᠷᠬᠦ ᠬᠦᠳᠡᠯᠬᠡᠬᠡᠨ᠂ ᠪᠦᠵᠢᠭ᠂ ᠠᠮᠢᠰᠬᠤᠯ ᠤᠨ ᠳᠠᠮᠢᠷ᠂ ᠨᠡᠷᠡᠬᠦᠢ ᠨᠢᠳᠤᠷᠭ᠎ᠠ       ᠨᠠᠰᠤᠳᠠᠶᠢᠴᠤᠳ ᠬᠡᠷᠪᠡ ᠤᠷᠳᠤ ᠬᠤᠭᠤᠴᠠᠭ᠎ᠠ ᠪᠠᠷ ᠪᠠᠴᠢᠮᠳᠠᠬᠤ᠂ ᠰᠡᠵᠢᠭ ᠶᠡᠬᠡᠳᠡᠢ᠂ ᠪᠤᠬᠢᠨᠢᠳᠤᠬᠤ ᠵᠡᠷᠬᠡ ᠤᠷᠮ᠎ᠠ ᠰᠡᠳᠬᠢᠯᠬᠡ ᠶᠢᠨ ᠪᠠᠶᠢᠳᠠᠯ ᠳᠤ ᠤᠷᠤᠰᠢᠵᠤ᠂ ᠨᠤᠶᠢᠷ ᠬᠤᠯᠵᠢᠬᠤ᠂ ᠢᠳᠡᠬᠡᠨ ᠤ ᠳᠤᠷᠠᠰᠢᠯ ᠮᠠᠭᠤᠳᠠᠬᠤ ᠵᠡᠷᠬᠡ ᠪᠡᠶ᠎ᠡ ᠮᠠᠬᠠᠪᠤᠳ ᠤᠨ ᠡᠪᠡᠳᠴᠢᠨ ᠤ ᠢᠯᠡᠷᠡᠯ ᠤᠷᠳᠤ ᠬᠤᠭᠤᠴᠠᠭ᠎ᠠ ᠦᠷᠬᠦᠯᠵᠢᠯᠡᠪᠡᠯ ᠳᠠᠷᠤᠢ ᠭᠠᠩᠰᠠᠷᠠᠬᠤ ᠬᠡᠮ ᠢ ᠡᠬᠦᠰᠬᠡᠳᠡᠭ᠃       ᠳᠡᠷᠡ ᠮᠦᠷᠳᠡᠬᠡᠨ ᠨᠠᠰᠤᠳᠠᠶᠢᠴᠤᠳ ᠤᠨ ᠪᠤᠯᠴᠢᠩ ᠰᠢᠷᠪᠤᠰᠤ ᠠᠪᠴᠢᠬᠤ᠂ ᠤᠳᠠᠭᠠᠨ ᠴᠢᠨᠠᠷᠳᠠᠢ ᠡᠪᠡᠳᠴᠢᠨ ᠪᠠ ᠴᠢᠳᠠᠪᠬᠢ ᠪᠠᠨ ᠠᠯᠳᠠᠬᠤ ᠠᠰᠠᠭᠤᠳᠠᠯ ᠤᠯᠠᠨ ᠡᠬᠦᠰᠬᠦ ᠶᠢ ᠳᠠᠭᠠᠯᠳᠤᠨ ᠭᠠᠩᠰᠠᠷᠠᠬᠤ ᠬᠡᠮ ᠢ ᠬᠦᠨᠳᠤᠷᠡᠬᠦᠯᠳᠡᠭ᠃       ᠡᠶᠢᠮᠤ ᠠᠴᠠ ᠨᠠᠰᠤᠳᠠᠶᠢᠴᠤᠳ ᠤᠨ ᠭᠠᠩᠰᠠᠷᠠᠬᠤ ᠬᠡᠮ ᠢ ᠵᠠᠰᠠᠬᠤ ᠳᠠᠮᠢᠷ ᠤᠨ ᠬᠦᠳᠡᠯᠬᠡᠬᠡᠨ ᠤ ᠵᠤᠷ ᠢ ᠪᠡᠶ᠎ᠡ ᠰᠡᠳᠬᠢᠯ ᠤᠨ ᠬᠤᠶᠠᠷ ᠳᠠᠯ᠎ᠠ ᠠᠴᠠ ᠪᠤᠳᠤᠯᠬᠢᠯᠠᠵᠤ᠂ ᠨᠡᠶᠢᠬᠡᠮ ᠤᠨ ᠬᠠᠷᠢᠯᠴᠠᠭᠠᠨ ᠤ ᠴᠢᠨᠠᠷ ᠪᠠ ᠪᠡᠶ᠎ᠡ ᠴᠢᠬᠢᠷᠠᠭᠵᠢᠭᠤᠯᠤᠯ ᠤᠨ ᠴᠢᠨᠠᠷ ᠢ ᠬᠠᠪᠰᠤᠷᠭᠠᠬᠤ ᠬᠡᠷᠡᠭᠳᠡᠢ᠃      ◆ ᠨᠠᠰᠤᠳᠠᠶᠢᠴᠤᠳ ᠴᠡᠴᠡᠷᠯᠢᠭ ᠪᠤᠶᠤ ᠠᠭᠤᠳᠠᠮ ᠳᠡᠯᠡᠪᠡᠢ ᠳᠤ ᠬᠦᠷᠴᠤ᠂ ᠨᠠᠶᠢᠵᠠ ᠨᠠᠷ ᠢᠶᠠᠨ ᠤᠷᠢᠵᠤ ᠳᠡᠯᠡᠪᠡᠢ ᠶᠢᠨ ᠪᠦᠵᠢᠭ ᠪᠦᠵᠢᠭᠯᠡᠵᠤ᠂ ᠠᠮᠢᠰᠬᠤᠯ ᠤᠨ ᠳᠠᠮᠢᠷ᠂ ᠨᠡᠷᠡᠬᠦᠢ ᠨᠢᠳᠤᠷᠭ᠎ᠠ ᠵᠡᠷᠬᠡ ᠬᠦᠴᠢᠯᠳᠦ᠋ᠷᠦᠭᠴᠢᠳᠤ ᠳᠠᠮᠢᠷ ᠤᠨ ᠪᠤᠯᠪᠠᠰᠤᠷᠠᠯ ᠬᠢᠪᠡᠯ ᠵᠦᠬᠡᠷ      ◆ ᠦᠢᠴᠢᠬᠤ ᠵᠡᠷᠬᠡ ᠰᠠᠨᠠᠭᠠᠨ ᠳᠤ ᠦᠬᠡᠢ ᠪᠠᠶᠢᠳᠠᠯ ᠭᠠᠷᠬᠤ ᠶᠢ ᠰᠡᠷᠬᠡᠶᠢᠯᠡᠬᠦ ᠳᠤ ᠬᠦᠴᠦᠨ ᠤ ᠪᠤᠯᠪᠠᠰᠤᠷᠠᠯ  ᠢ ᠴᠢᠩᠭᠠᠳᠬᠠᠬᠤ ᠴᠢᠬᠤᠯᠠ ᠲᠠᠢ᠂ ᠵᠢᠱᠢᠶᠡᠯᠡᠪᠡᠯ ᠲᠦᠢᠪᠡᠩ ᠪᠤᠶᠤ ᠬᠠᠷᠢᠮᠠᠬᠠᠢ ᠪᠦᠰᠡ ᠶᠢ ᠦᠷᠦᠬᠡᠰᠤᠨ ᠭᠠᠷ ᠢᠶᠠᠷ ᠲᠦᠯᠬᠢᠬᠦ᠂ ᠬᠤᠶᠠᠷ ᠭᠠᠷ ᠢᠶᠠᠷ ᠢᠶᠠᠨ ᠤᠷᠤᠭᠰᠢ ᠲᠦᠯᠬᠡᠬᠦ ᠵᠡᠷᠬᠡ ᠳᠡᠬᠡᠳᠤ ᠮᠦᠴᠢ ᠶᠢᠨ ᠬᠦᠴᠦᠨ ᠤ ᠪᠤᠯᠪᠠᠰᠤᠷᠠᠯ ᠬᠢᠨ᠎ᠡ      ◆ ᠳᠤᠤᠷ᠎ᠠ ᠮᠦᠴᠢ ᠶᠢᠨ ᠬᠦᠴᠦ ᠶᠢ ᠪᠤᠯᠪᠠᠰᠤᠷᠠᠭᠤᠯᠬᠤ ᠳᠤ ᠬᠠᠭᠠᠰ ᠤᠴᠤᠶᠢᠬᠤ᠂ ᠦᠯᠮᠡᠢ ᠪᠠᠷ ᠢᠶᠠᠨ ᠵᠤᠭᠰᠤᠬᠤ᠂ ᠬᠤᠶᠠᠷ ᠬᠦᠯ ᠢᠶᠠᠷ ᠢᠶᠠᠨ ᠦᠬᠡᠵᠡᠭ ᠢᠶᠠᠨ ᠡᠷᠬᠦᠬᠦ ᠵᠡᠷᠬᠡ ᠬᠦᠳᠡᠯᠬᠡᠬᠡᠨ ᠢ ᠬᠢᠨ᠎ᠡ       ᠳᠡᠬᠡᠷᠡᠬᠢ ᠬᠦᠳᠡᠯᠬᠡᠬᠡᠨ ᠢ 8 — 12 ᠤᠳᠠᠭ᠎ᠠ ᠳᠠᠪᠳᠠᠨ ᠬᠢᠵᠤ᠂ ᠡᠳᠤᠷ ᠲᠤ ᠭᠤᠷᠪᠠ ᠤᠳᠠᠭ᠎ᠠ ᠳᠠᠪᠳᠠᠨ ᠬᠢᠵᠤ᠂ ᠭᠠᠷᠠᠭ ᠪᠦᠷᠢ 2 — 3 ᠡᠳᠤᠷ ᠳᠠᠪᠳᠠᠨ ᠪᠤᠯᠪᠠᠰᠤᠷᠠᠪᠠᠯ ᠰᠠᠶᠢᠨ᠂ ᠦᠪᠡᠷ ᠤᠨ ᠪᠤᠳᠠᠳᠤ ᠪᠠᠶᠢᠳᠠᠯ ᠢᠶᠠᠨ ᠦᠨᠳᠤᠰᠤᠯᠡᠨ ᠳᠤᠬᠢᠷᠠᠭᠤᠯᠵᠤ ᠪᠤᠯᠤᠨ᠎ᠠ᠃
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ