ᠼᠤᠤ ᠳᠤ ᠳᠡᠪᠳᠦᠬᠡᠭᠰᠡᠨ ᠰᠠᠷᠢᠮᠰᠠᠭ ᠤᠨ ᠳᠤᠬᠠᠢ
ᠨᠡᠶᠢᠲᠡᠯᠡᠭᠰᠡᠨ ᠴᠠᠭ᠄
2024/4/2
      ᠼᠤᠤ ᠳᠤ ᠳᠡᠪᠳᠦᠬᠡᠭᠰᠡᠨ ᠰᠠᠷᠢᠮᠰᠠᠭ ᠢ ᠬᠡᠮᠵᠢᠶ᠎ᠡ ᠲᠠᠢ ᠢᠳᠡᠪᠡᠯ ᠬᠦᠮᠦᠨ ᠤ ᠪᠡᠶ᠎ᠡ ᠳᠤ ᠰᠠᠶᠢᠨ ᠪᠠᠶᠢᠳᠠᠭ᠂ ᠬᠡᠪᠡᠴᠤ ᠵᠤᠬᠢᠰ ᠦᠬᠡᠢ ᠳᠡᠪᠳᠤᠬᠡᠬᠦ ᠪᠤᠶᠤ ᠬᠡᠳᠤ ᠢᠳᠡᠬᠦ ᠨᠢ ᠬᠦᠮᠦᠨ ᠤ ᠪᠡᠶ᠎ᠡ ᠳᠤ ᠬᠤᠤᠷ ᠲᠠᠢ ᠶᠤᠮ᠃       ᠼᠣᠣ ᠳᠤ ᠳᠡᠪᠳᠤᠬᠡᠭᠰᠡᠨ ᠰᠠᠷᠢᠮᠰᠠᠭ ᠤᠨ ᠠᠰᠢᠭ ᠲᠠᠢ ᠳᠠᠯ᠎ᠠ᠄       ᠼᠤᠤ ᠳᠤ ᠳᠡᠪᠳᠤᠬᠡᠭᠰᠡᠨ ᠰᠠᠷᠢᠮᠰᠠᠭ ᠵᠤᠬᠢᠬᠤ ᠬᠡᠮᠵᠢᠶ᠎ᠡ ᠪᠠᠷ ᠴᠢᠰᠤᠨ ᠳᠠᠷᠤᠯᠳᠠ ᠶᠢ ᠪᠠᠭᠤᠷᠠᠭᠤᠯᠳᠠᠭ᠂ ᠰᠠᠷᠢᠮᠰᠠᠭ ᠤᠨ ᠳᠤᠰ ᠪᠡᠶ᠎ᠡ ᠨᠢ ᠮᠠᠰᠢ ᠰᠠᠶᠢᠨ ᠠᠷᠢᠭᠤᠳᠬᠠᠬᠤ᠂ ᠬᠤᠤᠷ ᠭᠠᠳᠠᠭᠰᠢᠯᠠᠭᠤᠯᠬᠤ ᠴᠢᠳᠠᠯ ᠲᠠᠢ ᠪᠤᠯᠬᠤᠷ ᠦᠷᠬᠦᠯᠵᠢ ᠰᠠᠷᠢᠮᠰᠠᠭ ᠢᠳᠡᠪᠡᠯ ᠴᠢᠰᠤᠨ ᠰᠤᠳᠠᠯ ᠢ ᠳᠡᠯᠡᠨ᠂ ᠪᠡᠶ᠎ᠡ ᠮᠠᠬᠠᠪᠤᠳ ᠤᠨ ᠳᠤᠳᠤᠭᠠᠳᠤ ᠳᠤ ᠪᠠᠶᠢᠭ᠎ᠠ ᠬᠠᠶᠠᠭᠳᠠᠮᠠᠯ ᠪᠤᠳᠠᠰ ᠢ ᠭᠠᠳᠠᠭᠰᠢᠯᠠᠭᠤᠯᠳᠠᠭ᠂ ᠡᠨᠡ ᠨᠢ ᠴᠢᠰᠤᠨ ᠳᠤ ᠪᠠᠶᠢᠭ᠎ᠠ ᠬᠤᠤᠷᠳᠤ ᠡᠳ᠋ ᠢ ᠵᠤᠬᠢᠰᠳᠠᠢ ᠪᠠᠭᠠᠰᠬᠠᠵᠤ᠂ ᠴᠢᠰᠤᠨ ᠳᠠᠷᠤᠯᠳᠠ ᠶᠢ ᠪᠠᠭᠤᠷᠠᠭᠤᠯᠳᠠᠭ᠃ ᠼᠣᠣ ᠴᠢᠰᠤᠨ ᠰᠤᠳᠠᠯ ᠢ ᠵᠦᠬᠡᠯᠡᠷᠡᠬᠦᠯᠦᠨ᠎ᠡ᠂ ᠬᠡᠷᠪᠡ ᠼᠣᠣ ᠳᠤ ᠳᠡᠪᠳᠤᠬᠡᠭᠰᠡᠨ ᠰᠠᠷᠢᠮᠰᠠᠭ ᠢ ᠦᠷᠬᠦᠯᠵᠢ ᠢᠳᠡᠭᠰᠡᠨ ᠤ ᠰᠡᠬᠦᠯᠡᠷ ᠴᠢᠰᠤᠨ ᠰᠤᠳᠠᠯ ᠢ ᠳᠡᠯᠡᠬᠦ ᠳᠤ ᠪᠠᠷᠠᠬᠤ ᠦᠬᠡᠢ ᠪᠠᠰᠠ ᠴᠢᠰᠤᠨ ᠰᠤᠳᠠᠯ ᠤᠨ ᠤᠶᠠᠨ ᠴᠢᠨᠠᠷ ᠢ ᠳᠡᠬᠡᠭᠰᠢᠯᠡᠬᠦᠯᠵᠤ᠂ ᠴᠢᠰᠤᠨ ᠳᠠᠷᠤᠯᠳᠠ ᠭᠡᠳᠤ ᠦᠨᠳᠤᠷ ᠪᠢᠰᠢ ᠪᠠᠶᠢᠳᠠᠯ ᠳᠤ ᠴᠢᠰᠤᠨ ᠳᠠᠷᠤᠯᠳᠠ ᠶᠢ ᠪᠠᠭᠤᠷᠠᠭᠤᠯᠬᠤ ᠳᠤ ᠳᠤᠰᠠᠯᠠᠳᠠᠭ᠃       ᠳᠠᠭᠰᠢᠭᠤᠷ ᠢ ᠰᠡᠷᠬᠡᠶᠢᠯᠡᠨ᠂ ᠬᠠᠮᠠᠷ ᠤᠨ ᠦᠷᠪᠢᠰᠤᠯ ᠢ ᠵᠠᠰᠠᠵᠤ᠂ ᠪᠡᠶ᠎ᠡ ᠴᠢᠬᠢᠷᠠᠭᠵᠢᠭᠤᠯᠬᠤ ᠦᠢᠯᠡᠳᠤᠯ  ᠲᠠᠢ᠃       ᠬᠤᠭᠤᠯᠠᠢ ᠡᠪᠡᠳᠬᠦ ᠶᠢ ᠵᠠᠰᠠᠵᠤ᠂ ᠨᠤᠶᠢᠷ ᠢ ᠰᠠᠶᠢᠵᠢᠷᠠᠭᠤᠯᠤᠨ᠎ᠠ᠃       ᠰᠢᠩᠬᠡᠬᠡᠯᠳᠡ ᠶᠢ ᠰᠠᠶᠢᠵᠢᠷᠠᠭᠤᠯᠤᠨ᠎ᠠ᠃       ᠶᠠᠳᠠᠷᠠᠭ᠎ᠠ ᠶᠢ ᠳᠠᠶᠢᠯᠤᠨ᠂ ᠦᠳᠡᠯᠬᠦ ᠶᠢ ᠤᠳᠠᠭᠠᠰᠢᠷᠠᠭᠤᠯᠤᠨ᠎ᠠ᠃       ᠴᠢᠰᠤ ᠶᠢ ᠰᠢᠩᠬᠡᠷᠡᠬᠦᠯᠵᠤ᠂ ᠴᠢᠰᠤᠨ ᠤ ᠡᠷᠬᠢᠯᠳᠡ ᠶᠢ ᠰᠠᠶᠢᠵᠢᠷᠠᠭᠤᠯᠤᠨ᠎ᠠ᠃       ᠴᠢᠰᠤᠨ ᠤ ᠦᠬᠡᠬᠦ ᠶᠢ ᠪᠠᠭᠤᠷᠠᠭᠤᠯᠵᠤ ᠰᠢᠬᠢᠷ ᠰᠢᠵᠢᠩ ᠡᠪᠡᠳᠴᠢᠨ ᠢ ᠰᠡᠷᠬᠡᠶᠢᠯᠡᠳᠡᠭ᠃       ᠪᠠᠺᠲ᠋ᠧᠷᠢ ᠶᠢ ᠤᠰᠠᠳᠬᠠᠨ᠂ ᠦᠷᠪᠢᠰᠤᠯ ᠢ ᠳᠠᠷᠤᠵᠤ᠂ ᠡᠪᠡᠳᠴᠢᠨ ᠬᠠᠯᠳᠠᠪᠤᠷᠢᠯᠠᠬᠤ ᠶᠢ ᠰᠡᠷᠬᠡᠶᠢᠯᠡᠨ᠎ᠡ᠃       ᠰᠦᠰᠦᠨ ᠤ ᠴᠢᠯᠠᠭᠤᠯᠢᠭ ᠠᠯᠺᠤᠸ᠋ᠯ ᠢ ᠪᠠᠭᠤᠷᠠᠭᠤᠯᠤᠨ᠎ᠠ᠃       ᠦᠮᠡᠨ ᠡᠪᠡᠳᠴᠢᠨ ᠢ ᠰᠡᠷᠬᠡᠶᠢᠯᠡᠳᠡᠭ᠃       ᠼᠤᠤ ᠳᠤ ᠳᠡᠪᠳᠤᠬᠡᠭᠰᠡᠨ ᠰᠠᠷᠢᠮᠰᠠᠭ ᠤᠨ ᠠᠰᠢᠭ ᠦᠬᠡᠢ ᠳᠠᠯ᠎ᠠ᠄       ᠬᠦᠮᠦᠰ ᠼᠣᠣ ᠳᠤ ᠰᠠᠷᠢᠮᠰᠠᠭ ᠳᠡᠪᠳᠤᠬᠡᠬᠦ ᠳᠡᠭᠡᠨ ᠳᠠᠪᠤᠰᠤ ᠠᠷᠪᠢᠨ ᠬᠢᠳᠡᠭ᠂ ᠳᠡᠷᠡᠴᠢᠯᠡᠨ ᠼᠣᠤ ᠳᠤ ᠳᠡᠪᠳᠤᠬᠡᠭᠰᠡᠨ ᠰᠠᠷᠢᠮᠰᠠᠭ ᠢᠶᠠᠨ ᠳᠠᠪᠤᠰᠤᠯᠠᠭᠰᠠᠨ ᠨᠤᠭᠤᠭ᠎ᠠ ᠪᠤᠯᠭᠠᠨ ᠡᠳᠤᠷ ᠪᠦᠷᠢ ᠬᠡᠳᠤ ᠤᠯᠠᠨ ᠢᠳᠡᠳᠡᠭ᠃ ᠢᠩᠬᠢᠵᠤ ᠢᠳᠡᠬᠦ ᠨᠢ ᠰᠢᠨᠵᠢᠯᠡᠬᠦ ᠤᠬᠠᠭᠠᠨᠴᠢ ᠪᠢᠰᠢ ᠪᠠᠶᠢᠵᠤ᠂ ᠪᠡᠶ᠎ᠡ ᠮᠠᠬᠠᠪᠤᠳ ᠢ ᠬᠡᠮᠳᠤᠬᠡᠵᠤ ᠮᠡᠳᠡᠨ᠎ᠡ᠃       ᠰᠠᠷᠢᠮᠰᠠᠭ ᠪᠤᠯ ᠭᠤᠱᠤᠭᠤᠨ ᠴᠢᠨᠠᠷ ᠲᠠᠢ ᠢᠳᠡᠬᠡᠨ ᠶᠤᠮ᠂ ᠬᠡᠳᠤᠷᠬᠡᠢ ᠠᠷᠪᠢᠨ ᠢᠳᠡᠬᠦ ᠨᠢ ᠬᠤᠳᠤᠭᠤᠳᠤ  ᠶᠢ ᠡᠪ ᠦᠬᠡᠢ ᠪᠠᠶᠢᠳᠠᠯ ᠳᠤ ᠤᠷᠤᠭᠤᠯᠳᠠᠭ᠃       ᠦᠯᠦᠨ ᠢᠶᠠᠷ ᠠᠷᠪᠢᠨ ᠢᠳᠡᠪᠡᠯ ᠨᠢᠳᠤᠨ ᠳᠤ ᠰᠡᠳᠤᠯᠳᠡ ᠦᠭᠬᠦ ᠪᠠᠷ ᠪᠠᠷᠠᠬᠤ ᠦᠬᠡᠢ ᠸᠢᠲ᠋ᠠᠮᠢᠨ B ᠶᠢᠨ ᠰᠢᠩᠬᠡᠬᠡᠯᠳᠡ ᠶᠢ ᠨᠦᠯᠦᠬᠡᠯᠡᠳᠡᠭ᠃       ᠠᠩᠬᠠᠷᠤᠭᠤᠰᠢᠳᠠᠢ ᠵᠦᠢᠯ᠄      1. ᠴᠢᠰᠤᠨ ᠳᠠᠷᠤᠯᠳᠠ ᠦᠨᠳᠤᠷ ᠡᠪᠡᠳᠴᠢᠳᠠᠨ ᠳᠤ ᠳᠤᠰᠠᠯᠠᠬᠤ ᠦᠢᠯᠡᠳᠤᠯ ᠦᠵᠡᠬᠦᠯᠳᠡᠭ᠂ ᠬᠡᠪᠡᠴᠤ ᠨᠠᠶᠢᠳᠠᠨ ᠲᠦᠰᠢᠭᠯᠡᠵᠤ ᠪᠤᠯᠬᠤ ᠦᠬᠡᠢ᠃      2. ᠼᠤᠤ ᠪᠰᠨ ᠪᠤᠴᠠᠯᠭᠠᠵᠤ ᠪᠤᠯᠬᠤ ᠦᠬᠡᠢ᠂ ᠪᠤᠴᠠᠯᠭᠠᠪᠠᠯ ᠦᠢᠯᠡᠳᠤᠯ ᠨᠢ ᠪᠠᠭᠤᠷᠠᠳᠠᠭ᠃      3. ᠼᠤᠤ ᠳᠤ ᠳᠡᠪᠳᠦᠬᠡᠭᠰᠡᠨ ᠰᠠᠷᠢᠮᠰᠠᠭ ᠢ ᠤᠷᠳᠤ ᠬᠤᠭᠤᠴᠠᠭ᠎ᠠ ᠪᠠᠷ ᠢᠳᠡᠵᠤ ᠪᠤᠯᠤᠨ᠎ᠠ᠂ ᠬᠡᠪᠡᠴᠤ ᠡᠳᠤᠷ ᠪᠦᠷᠢ ᠬᠡᠳᠤ ᠠᠷᠪᠢᠨ ᠢᠳᠡᠵᠤ ᠪᠤᠯᠬᠤ ᠦᠬᠡᠢ᠂ ᠨᠢᠬᠡ ᠠᠴᠠ ᠬᠤᠶᠠᠷ ᠰᠢᠳᠤ ᠢᠳᠡᠪᠡᠯ ᠪᠤᠯᠴᠢᠬᠠᠨ᠎ᠠ᠃             ᠰᠤᠩᠬᠢᠨ᠎ᠠ ᠰᠠᠷᠢᠮᠰᠠᠭ ᠤᠨ ᠴᠡᠬᠡᠷ ᠬᠢᠬᠡᠳ ᠵᠠᠰᠠᠯ       ᠰᠤᠩᠬᠢᠨ᠎ᠠ ᠰᠠᠷᠢᠮᠰᠠᠭ ᠢ ᠭᠠᠯ ᠳᠤ ᠬᠢᠬᠦ ᠶᠢ ᠴᠡᠬᠡᠷᠯᠡᠨ᠎ᠡ᠃       ᠨᠢᠳᠤᠨ ᠤ ᠡᠪᠡᠳᠴᠢᠳᠠᠨ ᠰᠠᠷᠢᠮᠰᠠᠭ ᠢᠳᠡᠬᠦ ᠶᠢ ᠴᠡᠬᠡᠷᠯᠡᠨ᠎ᠡ᠃       ᠭᠠᠭᠴᠠ ᠳᠤᠯᠤᠭᠠᠶᠢᠳᠤ ᠰᠠᠷᠢᠮᠰᠠᠭ ᠤᠨ ᠰᠦᠮᠦᠰᠤ ᠶᠢ ᠬᠠᠮᠠᠷ ᠲᠠᠭᠠᠨ ᠳᠤᠰᠤᠭᠠᠪᠠᠯ ᠳᠤᠯᠤᠭᠠᠢ ᠡᠪᠡᠳᠬᠦ ᠶᠢ ᠵᠤᠭᠰᠤᠭᠠᠨ᠎ᠠ᠃       ᠰᠠᠷᠢᠮᠰᠠᠭ ᠢ ᠬᠡᠷᠴᠢᠬᠡᠳ ᠴᠠᠢ ᠪᠠᠷ ᠳᠠᠷᠤᠭᠤᠯᠵᠤ ᠤᠤᠭᠤᠪᠠᠯ ᠳᠤᠯᠤᠭᠠᠢ ᠡᠪᠡᠳᠬᠦ ᠶᠢ ᠨᠠᠮᠳᠠᠭᠠᠨ᠎ᠠ᠃
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ