ᠳ᠋ᠦᠩᠱᠧᠩ ᠲᠣᠭᠤᠷᠢᠭ ︽︿ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠦᠭᠴᠤ﹀ ᠪᠣᠯᠪᠠᠰᠤᠨ ᠢ ᠤᠶᠢᠯᠡᠳᠦᠯᠬᠡᠵᠢᠬᠦᠯᠦᠨ ᠰᠢᠨ᠎ᠡ ᠬᠡᠪ ᠰᠤᠷᠲᠠᠯ ᠢ ᠢᠯᠡᠷᠡᠬᠦᠯᠬᠦ︾ ᠰᠢᠷᠢᠰ ᠤᠬᠠᠭᠤᠯᠭ᠎ᠠ ᠶᠢᠨ ᠠᠵᠢᠯᠯᠠᠭ᠎ᠠ ᠦᠷᠨᠢᠬᠦᠯᠪᠡ
ᠨᠡᠶᠢᠲᠡᠯᠡᠭᠰᠡᠨ ᠴᠠᠭ᠄
2024/4/15
     4 ᠰᠠᠷ᠎ᠠ ᠶᠢᠨ 15  ᠤ ᠡᠳᠦᠷ᠂ ᠳ᠋ᠦᠩᠱᠧᠩ ᠲᠣᠭᠤᠷᠢᠭ ︽︿ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠦᠭᠴᠤ﹀ ᠪᠣᠯᠪᠠᠰᠤᠨ ᠢ ᠤᠶᠢᠯᠡᠳᠦᠯᠬᠡᠵᠢᠬᠦᠯᠦᠨ ᠰᠢᠨ᠎ᠡ ᠬᠡᠪ ᠰᠤᠷᠲᠠᠯ ᠢ ᠢᠯᠡᠷᠡᠬᠦᠯᠬᠦ︾ ᠰᠢᠷᠢᠰ ᠤᠬᠠᠭᠤᠯᠭ᠎ᠠ ᠶᠢᠨ ᠠᠵᠢᠯᠯᠠᠭ᠎ᠠ ᠵᠢᠴᠢ 2024 ᠣᠨ ᠤ ︽ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠲᠤᠰᠬᠠᠢ ᠲᠠᠯᠠᠪᠠᠢ ᠶᠢᠨ ᠤᠷᠠᠨ ᠰᠠᠶᠢᠬᠠᠨ ᠤ ᠲᠣᠭᠯᠠᠯᠲᠠ ᠰᠦᠩ ᠯᠢᠩ ᠶᠤᠸᠠᠨ ᠠᠭᠤᠳᠠᠮ ᠲᠠᠯᠠᠪᠠᠢ ᠳᠤ ᠶᠠᠪᠤᠭᠳᠠᠪᠠ᠃
1.jpg
2.jpg
3.jpg
4.jpg
5.jpg
     ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠤ᠂ ᠪᠣᠯᠪᠠᠰᠤᠨ ᠦᠢᠯᠡᠴᠢᠯᠡᠭᠡᠨ ᠤ ᠴᠤᠭᠯᠠᠭ᠎ᠠ ᠮᠠᠶᠢᠮᠠᠢ ᠭᠠᠷᠭᠠᠵᠤ᠂ ᠡᠮᠴᠢᠯᠡᠭᠡ᠂ ᠵᠢᠷᠤᠮ ᠤᠨ ᠦᠰᠦ ᠬᠠᠶᠢᠴᠢᠯᠠᠬᠤ᠂ ᠵᠢᠷᠤᠮ ᠤᠨ ᠰᠡᠳᠬᠢᠴᠡ ᠶᠢᠨ ᠵᠥᠪᠯᠡᠯᠭᠡ ᠵᠡᠷᠭᠡ ᠶᠢ ᠪᠠᠭᠲᠠᠭᠠᠭᠰᠠᠨ ᠪᠤᠶᠠᠨᠰᠠᠭ ᠦᠢᠯᠡᠴᠢᠯᠡᠭᠡ ᠬᠠᠩᠭᠠᠵᠤ᠂ ᠠᠵᠢᠯᠲᠠᠳ ᠬᠠᠮᠢᠶ᠎ᠠ ᠪᠦᠬᠦᠢ ᠮᠡᠳᠡᠯᠭᠡ ᠶᠢ ᠲᠠᠶᠢᠯᠪᠤᠷᠢᠯᠠᠬᠤ᠂ ᠡᠯᠭᠦᠭᠡ ᠪᠢᠴᠢᠭᠡᠰᠦ ᠡᠯᠭᠦᠬᠦ᠂ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠬᠤ ᠵᠡᠷᠭᠡ ᠬᠡᠯᠪᠡᠷᠢ ᠪᠠᠷ ᠳᠠᠮᠵᠢᠭᠤᠯᠤᠨ ︽ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠠᠵᠢᠯ ᠢ ᠭᠦᠨᠵᠡᠭᠡᠢ ᠠᠬᠢᠭᠤᠯᠵᠤ᠂ ᠣᠯᠠᠨ ᠲᠦᠮᠡᠨ ᠤ ︽ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠲᠤᠬᠠᠢ ᠤᠶᠢᠯᠠᠭᠠᠵᠤ ᠣᠷᠣᠯᠴᠠᠬᠤ ᠪᠠ ᠳᠡᠮᠵᠢᠬᠦ ᠨᠣᠷᠮ᠎ᠠ ᠶᠢ ᠦᠨᠡᠨ ᠬᠦ ᠳᠡᠭᠡᠭᠰᠢᠯᠡᠭᠦᠯᠪᠡ᠃ ᠠᠵᠢᠯᠯᠠᠭ᠎ᠠ ᠶᠢᠨ ᠳᠤᠮᠳᠠ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠲᠥᠯᠥᠭᠡᠯᠡᠭᠴᠢ ᠪᠠᠰᠠ ︽ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠰᠠᠨᠠᠭᠠᠴᠢᠯᠠᠭ᠎ᠠ ᠶᠢᠨ ᠪᠢᠴᠢᠭ ᠢ ᠤᠩᠰᠢᠨ ᠰᠤᠷᠳᠠᠯᠴᠢᠯᠠᠪᠠ᠃
6.jpg
7.jpg
8.jpg
     ᠴᠡᠴᠡᠷᠯᠢᠭ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠰᠣᠶᠣᠯ ᠤᠨ ᠥᠷᠲᠡᠭᠡ ᠨᠢ ᠣᠯᠠᠨ ᠶᠠᠩᠵᠤ  ᠶᠢᠨ ᠬᠡᠯᠪᠡᠷᠢ ᠲᠠᠢ᠂ ᠪᠠᠶᠠᠯᠢᠭ ᠠᠭᠤᠯᠭ᠎ᠠ ᠲᠠᠢ ᠤᠷᠠᠨ ᠰᠠᠶᠢᠬᠠᠨ ᠤ ᠲᠣᠭᠯᠠᠯᠲᠠ ᠪᠠᠷ ᠳᠠᠮᠵᠢᠭᠤᠯᠤᠨ᠂ ︽ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠦᠵᠡᠯᠲᠡ ᠶᠢ ᠪᠠᠶᠠᠷ ᠪᠠᠭ᠋ᠠᠳᠤᠯ ᠤᠨ ᠳᠤᠮᠳᠠ ᠬᠥᠮᠦᠰ ᠤᠨ ᠰᠡᠳᠬᠢᠯ ᠳᠤ ᠬᠠᠳᠠᠩᠰᠢᠭᠤᠯᠪᠠ᠃
9.jpg
     ︽ᠥᠨᠥᠳᠥᠷ ᠤᠨ ᠠᠵᠢᠯᠯᠠᠭ᠎ᠠ ᠨᠠᠳᠠ ᠳᠤ ᠭᠦᠨ ᠰᠠᠭᠤᠭᠳᠠᠯ ᠥᠭᠴᠡᠢ᠂ ᠭᠤᠶᠢᠳᠠ ᠰᠠᠶᠢᠬᠠᠨ ᠳᠠᠭᠤᠤ ᠪᠥᠵᠢᠭ ᠢ ᠰᠣᠨᠢᠷᠬᠠᠭᠰᠠᠨ ᠢᠶᠠᠷ ᠪᠠᠷᠠᠬᠤ ᠦᠭᠡᠢ᠂ ᠪᠠᠰᠠ ︿ᠱᠠᠯᠢᠭ ᠵᠠᠪᠬᠠᠢ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ﹀ ᠮᠠᠰᠢ ᠤᠯᠠᠨ ᠮᠡᠳᠡᠯᠭᠡ ᠶᠢ ᠣᠶᠢᠯᠠᠭᠠᠭᠰᠠᠨ ᠪᠠᠶᠢᠨ᠎ᠠ︾᠃                                                     — ᠬᠤᠳᠠ ᠶᠢᠨ ᠠᠷᠠᠳ   ᠸᠠᠩ ᠫᠢᠩ
10.jpg
11.jpg
12.jpg
     ᠡᠭᠦᠨ ᠠᠴᠠ ᠭᠠᠳᠠᠨ᠎ᠠ᠂ ᠠᠵᠢᠯᠲᠠᠳ ᠪᠠᠰᠠ ᠳ᠋ᠦᠩᠱᠧᠩ ᠲᠣᠭᠤᠷᠢᠭ ᠤᠨ ᠨᠢᠭᠡᠳᠦᠭᠡᠷ ᠪᠠᠭ᠎ᠠ ᠰᠤᠷᠭᠠᠭᠤᠯᠢ ᠳᠤ ᠬᠦᠷᠴᠦ᠂ ︽ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠠᠵᠢᠯᠯᠠᠭ᠎ᠠ ᠶᠢ ᠰᠤᠷᠭᠠᠭᠤᠯᠢ ᠶᠢᠨ ᠬᠦᠷᠢᠶᠡᠨ ᠳᠤ ᠤᠷᠤᠭᠤᠯᠤᠨ ᠨᠢᠯᠬ᠎ᠠ ᠪᠠᠭ᠎ᠠ ᠠᠴᠠ ᠨᠢ ᠬᠠᠮᠠᠭᠠᠯᠠᠬᠤ ᠠᠵᠢᠯᠯᠠᠭ᠎ᠠ ᠥᠷᠨᠢᠭᠦᠯᠵᠦ᠂ ︽ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠪᠠ ︽ᠰᠤᠷᠭᠠᠭᠤᠯᠢ ᠶᠢᠨ ᠬᠦᠷᠢᠶᠡᠨ ᠤ ᠳᠣᠷᠣᠮᠵᠢᠯᠠᠯ︾ ᠤᠨ ᠬᠠᠮᠢᠶ᠎ᠠ ᠪᠥᠬᠦᠶ ᠮᠡᠳᠡᠯᠭᠡ ᠶᠢ ᠲᠠᠶᠢᠯᠪᠤᠷᠢᠯᠠᠵᠤ᠂ ᠨᠠᠰᠤᠨ ᠳᠤ ᠥᠯᠥ ᠭᠦᠷᠦᠭᠰᠡᠳ ᠤᠨ ᠦᠰᠦᠨ ᠪᠤᠶᠢᠵᠢᠯᠲᠠ ᠶᠢ ᠬᠠᠮᠠᠭᠠᠯᠠᠪᠠ᠃
13.jpg
    ᠲᠣᠭᠤᠷᠢᠭ ᠤᠨ ᠬᠠᠮᠢᠶ᠎ᠠ ᠪᠥᠬᠦᠶ ᠰᠠᠯᠠᠭ᠎ᠠ ᠮᠥᠴᠢᠷ ᠤᠳ ᠬᠠᠷᠢᠶᠠᠲᠤ ᠣᠷᠣᠨ ᠤ ᠨᠣᠮ ᠤᠨ ᠳᠡᠯᠭᠡᠭᠦᠷ᠂ ᠰᠣᠶᠣᠯ ᠤᠨ ᠬᠡᠷᠡᠭᠰᠡᠯ ᠤᠨ ᠳᠡᠯᠭᠡᠭᠦᠷ ᠵᠡᠷᠭᠡ ᠲᠠᠯᠠᠪᠤᠷ ᠲᠤ ᠱᠠᠯᠠᠪᠳᠠᠭᠤᠯᠤᠨ ᠪᠠᠶᠢᠴᠠᠭᠠᠬᠤ ᠠᠵᠢᠯᠯᠠᠭ᠎ᠠ ᠶᠢ ᠪᠠᠶᠢᠩᠭᠤᠵᠢᠭᠤᠯᠤᠨ ᠥᠷᠨᠢᠭᠦᠯᠵᠦ᠂ ︽ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠤᠬᠠᠭᠤᠯᠭ᠎ᠠ ᠬᠥᠮᠦᠵᠢᠯ ᠳᠤ ᠬᠥᠮᠦᠨ ᠪᠦᠬᠦᠨ ᠣᠷᠣᠯᠴᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠥᠬᠦ ᠬᠦᠴᠦᠨ ᠢᠶᠠᠷ ᠪᠣᠶ ᠪᠣᠯᠭᠠᠵᠤ᠂ ᠨᠡᠶᠢᠭᠡᠮ ᠤᠨ ᠰᠣᠶᠣᠯ ᠤᠨ ᠣᠷᠴᠢᠨ ᠲᠣᠭᠤᠷᠢᠨ ᠢ ᠴᠡᠪᠡᠷᠰᠢᠬᠦᠯᠪᠡ᠃
14.jpg
     ︽ᠨᠢᠭᠡᠨ ᠰᠣᠷᠣᠭᠴᠢ ᠪᠣᠯᠤᠭᠰᠠᠨ ᠤ ᠬᠤᠪᠢ ᠳᠤ᠂ ᠪᠢᠳᠡ ᠪᠡᠶ᠎ᠡ ᠪᠠᠨ ᠬᠠᠮᠠᠭᠠᠯᠠᠵᠤ ᠰᠤᠷᠬᠤ ᠬᠡᠷᠡᠭᠲᠡᠢ᠂ ᠪᠦᠭᠡᠳ ᠪᠠᠰᠠ ᠳᠡᠷᠭᠡᠳᠡᠬᠢ ᠬᠠᠮᠲᠤ ᠰᠤᠷᠤᠯᠭᠠᠲᠠᠨ ᠢᠶᠠᠨ ᠬᠠᠯᠠᠮᠵᠢᠯᠠᠵᠤ᠂ ᠰᠤᠷᠭᠠᠭᠤᠯᠢ ᠶᠢᠨ ᠬᠦᠷᠢᠶᠡᠨ ᠤ ᠥᠨᠴᠥᠭ ᠪᠤᠯᠤᠩ ᠪᠣᠯᠭᠠᠨ ᠢ ᠬᠠᠯᠠᠭᠤᠨ ᠳᠤᠯᠠᠭᠠᠨ ᠢᠶᠠᠷ ᠪᠢᠯᠬᠠᠭᠤᠯᠬᠤ ᠬᠡᠷᠡᠭᠲᠡᠶ︾᠃                                               — ᠳ᠋ᠦᠩᠱᠧᠩ ᠲᠣᠭᠤᠷᠢᠭ ᠤᠨ ᠨᠢᠭᠡᠳᠦᠭᠡᠷ ᠪᠠᠭ᠎ᠠ ᠰᠤᠷᠭᠠᠭᠤᠯᠢ ᠶᠢᠨ ᠲᠠᠪᠤᠳᠤᠭᠠᠷ ᠣᠨ ᠤ ᠰᠤᠷᠤᠭᠴᠢ    ᠯᠢᠦ ᠱᠤ᠋ ᠢᠦᠶ
15.jpg
     ︽ᠨᠡᠶᠢᠭᠡᠮ ᠲᠣᠭᠤᠷᠢᠭ ᠤᠨ ᠰᠣᠶᠣᠯ ᠤᠨ ᠣᠷᠴᠢᠨ ᠲᠣᠭᠤᠷᠢᠨ ᠢ ᠤᠯᠠᠮ ᠨᠢᠭᠡ ᠠᠯᠬᠤᠮ ᠴᠡᠪᠡᠷᠰᠢᠭᠦᠯᠵᠦ᠂ ᠬᠠᠷᠢᠶ᠎ᠠ ᠣᠷᠣᠨ ᠤ ᠰᠠᠭᠤᠭᠠᠯᠢ ᠠᠷᠠᠳ ᠤᠨ ︿ᠱᠠᠯᠢᠭ ᠵᠠᠪᠬᠠᠶ ᠵᠤᠶᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ﹀ ᠲᠤᠬᠠᠶ ᠲᠠᠨᠢᠯᠲᠠ ᠶᠢ ᠴᠢᠩᠭᠠᠳᠬᠠᠨ᠂ ᠡᠷᠡᠭᠦᠯ ᠥᠭᠡᠳᠡᠷᠬᠡᠭ ᠪᠣᠯᠪᠠᠰᠤᠨ ᠨᠡᠶᠢᠭᠡᠮ ᠢ ᠪᠣᠶ ᠪᠣᠯᠭᠠᠬᠤ ᠶᠢᠨ ᠲᠥᠯᠥᠭᠡ᠂ ᠪᠢᠳᠡ ᠬᠠᠷᠢᠶ᠎ᠠ ᠣᠷᠣᠨ ᠤ ᠨᠣᠮ ᠤᠨ ᠳᠡᠯᠭᠡᠭᠦᠷ᠂ ᠰᠠᠭᠤᠭᠠᠯᠢ ᠲᠣᠭᠤᠷᠢᠭ᠂ ᠰᠤᠷᠭᠠᠭᠤᠯᠢ ᠳᠤ ᠭᠦᠨᠵᠡᠭᠡᠶᠢᠷᠡᠨ ᠡᠯ᠎ᠡ ᠲᠥᠷᠥᠯ ᠤᠨ ᠭᠤᠤᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠶᠢ ᠥᠷᠨᠢᠭᠦᠯᠵᠦ᠂ ᠬᠥᠮᠦᠨ ᠪᠦᠬᠦᠨ ᠮᠡᠳᠡᠬᠦ᠂ ᠬᠥᠮᠦᠨ ᠪᠦᠬᠦᠨ ᠣᠷᠣᠯᠴᠠᠬᠤ ᠭᠦᠨ ᠵᠤᠵᠠᠭᠠᠨ ᠠᠭᠤᠷ ᠠᠮᠢᠰᠬᠤᠯ ᠢ ᠴᠢᠷᠮᠠᠶᠢᠨ ᠪᠣᠶ ᠪᠣᠯᠭᠠᠵᠤ᠂ ︿ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ﹀ ᠪᠠᠲᠤ ᠪᠠᠬᠢ ᠬᠠᠯᠬᠠᠪᠴᠢ ᠶᠢ ᠦᠨᠡᠨ ᠬᠦ ᠪᠠᠬᠢᠵᠢᠭᠦᠯᠪᠡ︾᠃                          — ᠮᠢᠨ ᠱᠧᠩ ᠨᠡᠶᠢᠭᠡᠮ ᠲᠣᠭᠤᠷᠢᠭ ᠤᠨ ᠺᠠᠳ᠋ᠷ    ᠭᠤᠤ ᠶᠠ ᠯᠢ
16.jpg
17.jpg
     ᠣᠶᠢᠯᠠᠭᠠᠭᠰᠠᠨ ᠢᠶᠠᠷ᠂ ᠲᠣᠰ ᠤᠳᠠᠭᠠᠨ ᠤ ᠠᠵᠢᠯᠯᠠᠭ᠎ᠠ ᠶᠢ ᠳ᠋ᠦᠩᠱᠧᠩ ᠲᠣᠭᠤᠷᠢᠭ ᠤᠨ ᠣᠶᠤᠨ ᠤ ᠪᠣᠯᠪᠠᠰᠤᠨ ᠤ ᠠᠯᠪᠠᠨ ᠬᠡᠷ᠂ ᠳ᠋ᠦᠩᠱᠧᠩ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠦᠢᠯᠡᠴᠢᠯᠡᠭᠡᠨ ᠤ ᠲᠥᠪ᠂ ᠴᠡᠴᠡᠷᠯᠢᠭ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠭᠠᠵᠠᠷ᠂ ᠲᠣᠭᠤᠷᠢᠭ ᠤᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ᠂ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠲᠣᠭᠤᠷᠢᠭ ᠤᠨ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ᠂ ᠨᠡᠶᠢᠭᠡᠮ ᠤᠨ ᠡᠯ᠎ᠡ ᠵᠣᠬᠢᠶᠠᠨ ᠪᠠᠶᠢᠭᠤᠯᠤᠯᠲᠠ ᠠᠴᠠ ᠬᠠᠮᠲᠤᠷᠠᠨ ᠥᠷᠨᠢᠭᠦᠯᠵᠦ᠂ ᠡᠷᠡᠭᠦᠯ ᠥᠭᠡᠳᠡᠷᠬᠡᠭ ᠨᠡᠶᠢᠭᠡᠮ ᠤᠨ ᠰᠣᠶᠣᠯ ᠤᠨ ᠣᠷᠴᠢᠨ ᠲᠣᠭᠤᠷᠢᠨ ᠢ ᠪᠣᠶ ᠪᠣᠯᠭᠠᠵᠤ᠂ ︽ᠱᠠᠯᠢᠭ ᠵᠠᠪᠬᠠᠶ ᠵᠦᠢᠯᠡᠰ ᠢ ᠠᠷᠢᠯᠭᠠᠵᠤ ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠬᠦ︾ ᠠᠵᠢᠯ ᠤᠨ ᠭᠦᠨᠵᠡᠭᠡᠶᠢᠷᠡᠨ ᠪᠣᠳᠠᠲᠠᠶᠢᠵᠢᠬᠤ ᠶᠢ ᠭᠦᠨᠵᠡᠭᠡᠶ ᠠᠬᠢᠭᠤᠯᠤᠨ᠂ ︽ᠬᠤᠪᠢ ᠨᠡᠮᠡᠷᠢ ᠦᠵᠡᠭᠦᠯᠬᠦ᠂ ᠳᠤᠳᠤᠨᠤ ᠨᠥᠬᠦᠷᠰᠡᠭ ᠪᠠᠶᠢᠬᠤ᠂ ᠬᠠᠷᠢᠯᠴᠠᠨ ᠬᠠᠪᠰᠤᠷᠤᠯᠴᠠᠬᠤ᠂ ᠤᠷᠤᠭᠰᠢᠯᠠᠨ ᠳᠠᠪᠰᠢᠬᠤ︾ ᠰᠠᠶᠢᠨ ᠳᠤᠷ᠎ᠠ ᠶᠢᠨ ᠦᠢᠯᠡᠴᠢᠯᠡᠭᠡᠨ ᠤ ᠵᠣᠷᠢᠭ ᠰᠠᠨᠠᠭ᠎ᠠ ᠶᠢ ᠪᠠᠳᠠᠷᠠᠭᠤᠯᠪᠠ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ