2024 ᠣᠨ ᠤ ᠪᠥᠬᠦ ᠬᠤᠲᠠ ᠶᠢᠨ ᠬᠠᠪᠤᠷ ᠤᠨ ᠤᠯᠠᠷᠢᠯ ᠤᠨ ᠣᠶ ᠰᠢᠭᠤᠢ ᠨᠤᠲᠤᠭ ᠪᠡᠯᠴᠢᠭᠡᠷ ᠤᠨ ᠭᠠᠯ ᠢ ᠰᠡᠷᠭᠡᠶᠢᠯᠡᠨ ᠤᠨᠲᠠᠷᠠᠭᠠᠬᠤ ᠶᠡᠷᠦᠩᠬᠡᠶᠢᠯᠡᠭᠰᠡᠨ ᠪᠣᠳᠠᠲᠤ ᠪᠠᠶᠢᠯᠳᠤᠭᠠᠨ ᠤ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠳ᠋ᠦᠩᠱᠧᠩ ᠲᠣᠭᠤᠷᠢᠭ ᠲᠤ ᠶᠠᠪᠤᠭᠳᠠᠪᠠ
ᠨᠡᠶᠢᠲᠡᠯᠡᠭᠰᠡᠨ ᠴᠠᠭ᠄
2024/3/30
    3 ᠰᠠᠷ᠎ᠠ ᠶᠢᠨ 29 ᠤ ᠡᠳᠦᠷ᠂ 2024 ᠣᠨ ᠤ ᠪᠥᠬᠦ ᠬᠤᠲᠠ ᠶᠢᠨ ᠬᠠᠪᠤᠷ ᠤᠨ ᠤᠯᠠᠷᠢᠯ ᠤᠨ ᠣᠶ ᠰᠢᠭᠤᠢ ᠨᠤᠲᠤᠭ ᠪᠡᠯᠴᠢᠭᠡᠷ ᠤᠨ ᠭᠠᠯ ᠢ ᠰᠡᠷᠭᠡᠶᠢᠯᠡᠨ ᠤᠨᠲᠠᠷᠠᠭᠠᠬᠤ ᠶᠡᠷᠦᠩᠬᠡᠶᠢᠯᠡᠭᠰᠡᠨ ᠪᠣᠳᠠᠲᠤ ᠪᠠᠶᠢᠯᠳᠤᠭᠠᠨ ᠤ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠳ᠋ᠦᠩᠱᠧᠩ ᠲᠣᠭᠤᠷᠢᠭ ᠲᠤ ᠶᠠᠪᠤᠭᠳᠠᠪᠠ᠃ ᠲᠣᠰ ᠤᠳᠠᠭᠠᠨ ᠤ ᠰᠣᠷᠢᠯᠲᠠ ᠶᠢᠨ ᠠᠭᠤᠯᠭ᠎ᠠ ᠨᠢ ᠭᠠᠯ ᠤᠨ ᠠᠶᠤᠯ ᠠᠴᠠ ᠠᠮᠢ ᠵᠢᠭᠤᠲᠠᠬᠤ ᠰᠣᠷᠢᠯᠲᠠ᠂ ᠣᠶ ᠰᠢᠭᠤᠢ ᠶᠢᠨ ᠭᠡᠨᠡᠳᠲᠡ ᠡᠭᠦᠰᠦᠭᠰᠡᠨ ᠵᠢᠵᠢᠭ ᠬᠡᠯᠪᠡᠷᠢ ᠶᠢᠨ ᠭᠠᠯ ᠤᠨ ᠪᠠᠶᠢᠳᠠᠯ ᠢ ᠰᠢᠢᠳᠪᠦᠷᠢᠯᠡᠬᠦ ᠰᠣᠷᠢᠯᠲᠠ ᠪᠠ ᠭᠡᠨᠡᠳᠲᠡ ᠡᠭᠦᠰᠦᠭᠰᠡᠨ ᠨᠡᠯᠢᠶᠡᠳ ᠶᠡᠭᠡ ᠬᠡᠪᠴᠢᠶ᠎ᠠ ᠲᠠᠢ ᠣᠶ ᠰᠢᠭᠤᠢ ᠶᠢᠨ ᠮᠣᠳᠣᠨ ᠰᠠᠷᠠᠪᠴᠢ ᠶᠢᠨ ᠭᠠᠯ ᠤᠨ ᠪᠠᠶᠢᠳᠠᠯ ᠢ ᠰᠢᠢᠳᠪᠦᠷᠢᠯᠡᠬᠦ ᠰᠣᠷᠢᠯᠲᠠ ᠵᠡᠷᠬᠡ ᠶᠢ ᠶᠠᠪᠤᠭᠳᠠᠭᠤᠯᠵᠠᠢ᠃ ᠰᠣᠷᠢᠯᠲᠠ ᠶᠢᠨ ᠠᠭᠤᠯᠭ᠎ᠠ ᠶᠢ ᠦᠨᠳᠦᠰᠦᠯᠡᠨ᠂ ᠲᠤᠬᠠᠢ ᠶᠢᠨ ᠲᠠᠯᠠᠪᠠᠶ ᠳᠤ ᠭᠤᠷᠪᠠᠨ ᠭᠠᠯ ᠤᠨ ᠲᠠᠯᠠᠪᠠᠶ ᠭᠠᠷᠭᠠᠵᠠᠢ᠃ ᠰᠣᠷᠢᠯᠲᠠ ᠶᠢᠨ ᠳᠤᠮᠳᠠ᠂ ᠰᠣᠷᠢᠯᠲᠠ ᠳᠤ ᠣᠷᠣᠯᠴᠠᠭᠰᠠᠳ ᠤᠨ ᠲᠤᠰᠬᠠᠯ ᠬᠤᠷᠴᠠ ᠪᠠᠶᠢᠵᠤ᠂ ᠵᠢᠯᠣᠭᠤᠳᠤᠯᠭ᠎ᠠ ᠶᠢ ᠳᠠᠭᠠᠵᠤ᠂ ᠪᠦᠯᠬᠦᠮᠳᠡᠨ ᠬᠠᠮᠵᠢᠯᠴᠠᠵᠤ᠂ ᠰᠣᠷᠢᠯᠲᠠ ᠨᠢ ᠵᠢᠱᠢᠭᠰᠡᠨ ᠦᠷ᠎ᠡ ᠪᠦᠲᠦᠮᠵᠢ ᠳᠤ ᠬᠦᠷᠴᠡᠢ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ