ᠴᠠᠭᠠᠨᠪᠤᠯᠤᠳ ︵—1923 ᠤᠨ︶
ᠨᠡᠶᠢᠲᠡᠯᠡᠭᠰᠡᠨ ᠴᠠᠭ᠄
2024/3/21
      ᠴᠠᠭᠠᠨᠪᠤᠯᠤᠳ ︵—1923 ᠤᠨ︶᠂ ᠮᠤᠩᠭᠤᠯ ᠦᠨᠳᠦᠰᠦᠲᠡᠨ᠂ ᠶᠡᠭᠡ ᠵᠣᠣ ᠶᠢᠨ ᠴᠢᠭᠤᠯᠭᠠᠨ ᠤ ᠬᠠᠩᠭᠢᠨ ᠬᠤᠰᠢᠭᠤᠨ ᠤ ᠴᠠᠭᠠᠨ ᠲᠣᠬᠤᠢ ︵ᠡᠳᠦᠭᠡ ᠶᠢᠨ ᠶᠦᠩ ᠱᠧᠩ ᠰᠢᠶᠠᠩ︶ ᠳᠤ ᠲᠦᠷᠦᠵᠦ ᠦᠰᠪᠡ᠃ ᠲᠡᠷᠡ ᠡᠩ ᠤᠨ ᠮᠠᠯᠴᠢᠨ ᠪᠤᠯᠪᠠᠴᠤ ᠪᠢᠴᠢᠭ ᠡᠷᠳᠡᠮ ᠰᠣᠷᠣᠯᠴᠠᠬᠤ ᠳᠤᠷ᠎ᠠ ᠲᠠᠢ ᠰᠡᠴᠡᠨ ᠰᠡᠷᠭᠦᠯᠡᠩ ᠬᠦᠮᠦᠨ ᠪᠠᠶᠢᠭᠰᠠᠨ ᠪᠤᠯᠬᠤᠷ ᠬᠤᠰᠢᠭᠤ ᠶᠠᠮᠤᠨ ᠤ ᠪᠢᠴᠢᠭᠡᠴᠢ ᠪᠤᠯᠵᠤ᠂ ᠰᠡᠭᠦᠯᠡᠷ ᠨᠢ ᠵᠠᠯᠠᠨ ᠵᠠᠩᠭᠢ ᠶᠢᠨ ᠳᠣᠰᠢᠶᠠᠯ ᠢ ᠡᠭᠦᠷᠭᠡᠯᠡᠵᠦ ᠪᠠᠶᠢᠵᠠᠢ᠃ ᠴᠠᠭᠠᠪᠣᠯᠣᠳ ᠠᠨᠳᠠ ᠨᠦᠬᠦᠳ ᠲᠡᠭᠡᠨ ᠡᠶᠡᠯᠳᠡᠭ ᠲᠤᠳᠤᠨᠤ᠂ ᠬᠠᠷᠭᠢᠰ ᠵᠠᠯᠢᠬᠠᠢ ᠶᠢ ᠦᠵᠡᠵᠦ ᠴᠢᠳᠠᠬᠤ ᠦᠭᠡᠢ ᠰᠢᠯᠣᠭᠤᠨ ᠰᠢᠳᠣᠷᠭᠤ ᠬᠦᠮᠦᠨ ᠪᠠᠶᠢᠭᠰᠠᠨ ᠲᠣᠯᠠ ᠵᠠᠯᠠᠨ ᠵᠠᠩᠭᠢ ᠶᠢᠨ ᠲᠣᠰᠢᠶᠠᠯ ᠳᠤ ᠭᠠᠷᠣᠭᠰᠠᠨ ᠤ ᠳᠠᠷᠠᠭ᠎ᠠ᠂ ᠣᠯᠠᠩᠭᠢ ᠶᠠᠪᠤᠳᠠᠯ ᠳᠤ ᠠᠷᠠᠳ ᠲᠦᠮᠡᠨ ᠤ ᠲᠠᠯ᠎ᠠ ᠳᠤ ᠵᠣᠭᠰᠤᠨ ᠲᠦᠪ ᠭᠤᠣᠯᠴᠢ ᠪᠠᠷ ᠰᠢᠢᠳᠪᠦᠷᠢᠯᠡᠳᠡᠭ ᠲᠣᠯᠠ ᠮᠠᠯᠴᠢᠳ ᠤᠨ ᠬᠦᠷᠢᠶᠡᠯᠡᠯ ᠢ ᠣᠯᠣᠭᠰᠠᠨ ᠪᠠᠶᠢᠪᠠ᠃      1903 ᠤᠨ ᠳᠤ᠂ ᠠᠲᠠᠷ ᠨᠡᠬᠡᠬᠡᠨ ᠬᠠᠮᠢᠶᠠᠷᠬᠤ ᠭᠠᠵᠠᠷ ᠤᠨ ᠬᠢᠨ ᠬᠠᠩᠬ᠎ᠠ ᠶᠢᠨ ᠭᠤᠷᠪᠠᠨ ᠪᠠᠭ ᠤᠨ ᠭᠠᠵᠠᠷ ᠢ ᠳᠡᠭᠡᠰᠦᠯᠡᠨ ᠬᠡᠮᠵᠢᠵᠦ ᠡᠬᠢᠯᠡᠭᠰᠡᠨ ᠳᠤ ᠴᠠᠭᠠᠪᠤᠯᠤᠳ ᠣᠶᠢᠷ᠎ᠠ ᠤᠷᠴᠢᠮ ᠤᠨ ᠮᠠᠯᠴᠢᠳ ᠢ ᠵᠣᠬᠢᠶᠠᠨ ᠪᠠᠶᠢᠭᠤᠯᠵᠣ ᠳᠣᠭᠤᠢ ᠳᠣᠭᠤᠶᠢᠯᠠᠨ᠂ ᠠᠲᠠᠷ ᠬᠠᠭᠠᠯᠪᠤᠷᠢᠯᠠᠬᠤ ᠶᠢ ᠡᠰᠡᠷᠭᠦᠴᠡᠬᠦ ᠲᠡᠮᠡᠴᠡᠯ ᠦᠷᠨᠢᠭᠦᠯᠪᠡ᠃ 1904 ᠣᠨ ᠤ ᠡᠪᠦᠯ ᠠᠴᠠ 1905 ᠣᠨ ᠤ ᠡᠬᠢ ᠬᠦᠷᠲᠡᠯ᠎ᠡ ᠪᠦᠬᠦ ᠬᠠᠩᠭᠢᠨ ᠬᠤᠰᠢᠭᠤᠨ ᠳᠤ ᠠᠷᠪᠠᠨ ᠭᠤᠷᠪᠠᠨ ᠳᠣᠭᠤᠶᠢᠯᠠᠩ ᠢ ᠵᠣᠬᠢᠶᠠᠨ ᠪᠠᠶᠢᠭᠤᠯᠵᠤ᠂ ᠬᠠᠩᠬ᠎ᠠ ᠶᠢᠨ ᠭᠤᠷᠪᠠᠨ ᠪᠠᠭ ᠤᠨ ᠭᠠᠵᠠᠷ ᠢ ᠲᠠᠯᠪᠢᠭᠰᠠᠨ ᠪᠠ ᠬᠠᠷ᠎ᠠ ᠮᠠᠩᠨᠠᠢ ᠶᠢᠨ ᠲᠠᠪᠣᠰᠣᠨ ᠨᠠᠭᠤᠷ ᠢ ᠰᠠᠶᠢᠨᠳᠣᠷ᠎ᠠ ᠶᠢᠨ ᠳ᠋ᠦᠩ ᠣᠪᠣᠭᠲᠠᠨ ᠳᠤ ᠬᠤᠳᠠᠯᠳᠣᠭᠰᠠᠨ ᠶᠠᠪᠣᠳᠠᠯ ᠳᠤ ᠡᠰᠡᠷᠭᠦᠴᠡᠯ ᠭᠠᠷᠭᠠᠨ ᠭᠤᠮᠣᠳᠠᠯ ᠵᠠᠭᠠᠯᠳᠣᠯᠭ᠎ᠠ ᠪᠠᠨ ᠪᠢᠴᠢᠭᠯᠡᠨ ᠮᠡᠳᠡᠭᠦᠯᠬᠦ ᠶᠢᠨ ᠵᠡᠷᠭᠡᠴᠡᠪᠡᠷ ᠴᠠᠭᠠᠨᠪᠤᠯᠤᠳ᠂ ᠰᠣᠬᠤᠷ ᠰᠠᠩᠵᠠᠢ᠂ ᠨᠠᠰᠣᠨᠴᠤᠭ ᠨᠠᠷ  ᠤᠨ ᠠᠷᠪᠠᠨ ᠭᠤᠷᠪᠠᠨ ᠳᠣᠭᠤᠶᠢᠯᠠᠩ ᠪᠦᠯᠬᠦᠮᠳᠡᠨ ᠨᠢᠭᠡᠳᠴᠦ ᠵᠡᠪᠰᠡᠭ ᠠᠳᠬᠤᠨ ᠴᠢᠩ ᠤᠨ ᠵᠠᠰᠠᠭ ᠤᠨ ᠭᠠᠵᠠᠷ ᠤᠨ ᠵᠡᠪᠰᠡᠭᠲᠦ ᠳᠠᠷᠣᠩᠭᠤᠶᠢᠯᠠᠯ ᠢ ᠡᠰᠡᠷᠭᠦᠴᠡᠭᠰᠡᠨ ᠪᠠᠶᠢᠨ᠎ᠠ᠃     1907 ᠤᠨ ᠤ 8 ᠰᠠᠷ᠎ᠠ ᠶᠢᠨ 28 ᠤ ᠡᠳᠦᠷ᠂ ᠴᠠᠭᠠᠨᠪᠣᠯᠣᠳ ᠵᠡᠷᠭᠡ 300 ᠭᠠᠷᠣᠢ ᠳᠣᠭᠤᠶᠢᠯᠠᠩ ᠤᠨ ᠠᠷᠠᠳ᠂ ᠬᠤᠷᠢᠮ ᠢᠳᠡᠵᠦ ᠪᠠᠶᠢᠭᠰᠠᠨ ᠭᠤᠮᠪᠤ ᠮᠠᠶᠢᠷᠢᠨ ᠪᠤᠯᠤᠨ ᠬᠦᠪᠡᠭᠦᠨ ᠷᠢᠨᠴᠢᠨᠰᠠᠶᠢᠪᠠᠯ ᠬᠤᠶᠠᠭᠤᠯᠠ ᠶᠢ ᠪᠠᠷᠢᠵᠤ ᠠᠪᠣᠭᠠᠳ ᠠᠶᠢᠯ ᠳᠠᠷᠠᠭᠠᠯᠠᠨ ᠲᠡᠮᠡᠴᠡᠭᠰᠡᠨ ᠤ ᠬᠠᠮᠲᠤ ᠠᠪᠣᠷᠠᠬᠤ ᠪᠠᠷ ᠢᠷᠡᠭᠰᠡᠨ ᠠᠲᠠᠷ ᠬᠠᠭᠠᠯᠪᠤᠷᠢᠯᠠᠬᠤ ᠳᠣᠪᠴᠢᠶᠠᠨ ᠤ ᠬᠡᠲᠦᠨ ᠵᠠᠭᠤᠨ ᠴᠡᠷᠢᠭ ᠢ ᠴᠣᠬᠢᠨ ᠣᠬᠤᠷᠢᠭᠤᠯᠪᠠ᠃ 1908 ᠤᠨ ᠳᠤ᠂ ᠬᠠᠩᠭᠢᠨ ᠳᠠᠯᠠᠳ ᠤᠨ ᠳᠣᠭᠤᠶᠢᠯᠠᠩ ᠤᠨ ᠠᠷᠠᠳ 1000 ᠬᠦᠮᠦᠨ ᠪᠠᠨᠴᠢᠨ ᠵᠤᠤ ᠶᠢᠨ ᠰᠦᠮ᠎ᠡ ᠳᠡᠭᠡᠷ᠎ᠡ ᠴᠤᠭᠯᠠᠷᠠᠨ᠂ ᠪᠠᠨᠴᠢᠨ ᠵᠤᠤ ᠶᠢᠨ ᠣᠷᠴᠢᠮ ᠪᠠᠶᠢᠭᠰᠠᠨ ᠠᠲᠠᠷ ᠬᠠᠭᠠᠯᠪᠤᠷᠢᠯᠠᠬᠤ ᠳᠣᠪᠴᠢᠶᠠᠨ ᠤ ᠵᠡᠪᠰᠡᠭᠲᠦ ᠠᠯᠪᠠᠲᠠᠨ ᠢ ᠦᠯᠳᠡᠨ ᠶᠠᠪᠤᠭᠤᠯᠪᠠ᠃ 1910 — 1912 ᠣᠨ ᠤ ᠦᠶᠡᠰ᠂ ᠴᠠᠭᠠᠨᠪᠤᠯᠤᠳ ᠵᠠᠰᠠᠭ ᠬᠤᠰᠢᠭᠤᠨ ᠠᠴᠠ ᠬᠠᠩᠭᠢᠨ ᠬᠤᠰᠢᠭᠤᠨ ᠳᠤ ᠢᠷᠡᠭᠰᠡᠨ ᠸᠠᠩᠳᠠᠨᠨᠢᠮ᠎ᠠ ᠲᠠᠢ ᠬᠤᠯᠪᠣᠭᠠᠯᠠᠨ ᠠᠷᠠᠳ ᠤᠨ ᠳᠣᠭᠤᠶᠢᠯᠠᠩ ᠤᠨ ᠵᠡᠪᠰᠡᠭᠲᠦ ᠬᠦᠴᠦᠨ ᠢᠶᠠᠨ ᠨᠢᠭᠡᠳᠭᠡᠨ᠂ ᠬᠠᠲᠣᠨ ᠭᠤᠣᠯ ᠤᠨ ᠬᠦᠪᠡᠭᠡ ᠰᠠᠪᠠ ᠭᠠᠵᠠᠷ ᠪᠤᠯᠤᠨ ᠠᠯᠠᠱᠠᠨ ᠤ ᠵᠡᠭᠦᠨ ᠪᠡᠶ᠎ᠡ ᠶᠢᠨ ᠭᠠᠵᠠᠷ ᠬᠦᠷᠲᠡᠯ᠎ᠡ ᠵᠡᠪᠰᠡᠭᠲᠦ ᠲᠡᠮᠡᠴᠡᠯ ᠶᠠᠪᠤᠭᠤᠯᠵᠤ ᠪᠠᠶᠢᠵᠠᠢ᠃      1913 ᠤᠨ ᠤ 7 ᠰᠠᠷ᠎ᠠ ︵ᠪᠢᠯᠢᠭ ᠤᠨ ᠣᠯᠠᠷᠢᠯ ᠤᠨ ᠵᠢᠷᠭᠤᠭᠠᠨ ᠰᠠᠷ᠎ᠠ︶ ᠶᠢᠨ ᠨᠢᠭᠡᠨ ᠡᠳᠦᠷ᠂ ᠠᠯᠠᠱᠠ᠂ ᠨᠢᠩᠰᠢᠶᠠ ᠶᠢᠨ ᠨᠣᠶᠠᠳ ᠨᠡᠷ᠎ᠡ ᠬᠤᠯᠪᠣᠭᠠᠯᠠᠨ ᠣᠷᠢᠯᠭ᠎ᠠ ᠶᠢᠨ ᠪᠢᠴᠢᠭ ᠢᠷᠡᠭᠦᠯᠦᠨ᠂ ᠬᠠᠲᠤᠨ ᠭᠤᠤᠯ ᠤᠨ ᠬᠦᠪᠡᠭᠡᠨ ᠳᠠᠬᠢ ᠭᠡᠭᠡᠨ ᠲᠣᠬᠤᠢ ᠶᠢᠨ ᠬᠤᠢ ᠳ᠋ᠧ ᠴᠧᠩ ᠭᠡᠮᠡᠬᠦ ᠭᠠᠵᠠᠷ ᠤᠨ ᠨᠢᠭᠡᠨ ᠬᠦᠯᠭᠡ ᠣᠩᠭᠤᠴᠠᠨ ᠳᠡᠭᠡᠷ᠎ᠡ ᠸᠠᠩᠳᠠᠨᠨᠢᠮ᠎ᠠ ᠪᠤᠯᠤᠨ ᠬᠤᠶᠠᠷ ᠳᠠᠭᠠᠯ ᠴᠡᠷᠢᠭ ᠲᠠᠢ ᠴᠠᠭᠠᠪᠣᠯᠣᠳ ᠵᠡᠷᠭᠡ 7 ᠬᠦᠮᠦᠨ ᠢ ᠬᠠᠭᠤᠷᠣᠨ ᠪᠠᠷᠢᠪᠴᠢᠯᠠᠪᠠ᠃ ᠪᠤᠰᠤᠳ ᠴᠡᠷᠢᠭ ᠬᠠᠲᠣᠨ ᠭᠤᠣᠯ ᠤᠨ ᠬᠦᠪᠡᠭᠡ ᠲᠠᠭᠠᠨ ᠸᠠᠩᠳᠠᠨᠨᠢᠮ᠎ᠠ ᠶᠢ ᠠᠪᠣᠷᠠᠬᠤ ᠪᠠᠷ ᠣᠩᠭᠤᠴᠠ ᠶᠢ ᠨᠡᠭᠡᠵᠦ ᠪᠠᠶᠢᠯᠳᠣᠬᠤ ᠳᠣᠮᠲᠠ ᠬᠦᠴᠦᠨ ᠮᠡᠭᠦᠰᠲᠡᠵᠦ ᠠᠪᠣᠷᠠᠵᠣ ᠴᠢᠳᠠᠭᠰᠠᠨ ᠦᠭᠡᠢ᠃ ᠳᠡᠳᠡᠨ ᠢ ᠰᠦᠢᠶᠤᠸᠠᠨ ᠳᠤ ᠬᠦᠷᠭᠡᠭᠰᠡᠨ ᠤ ᠳᠠᠷᠠᠭ᠎ᠠ᠂ ᠸᠠᠩᠳᠠᠨᠨᠢᠮ᠎ᠠ ᠶᠢ ᠪᠡᠭᠡᠵᠢᠩ ᠳᠤ ᠬᠦᠷᠭᠡᠵᠦ᠂ ᠴᠠᠭᠠᠨᠪᠤᠯᠤᠳ ᠵᠡᠷᠭᠡ ᠪᠣᠰᠣᠳ 6 ᠬᠦᠮᠦᠨ ᠢ ᠦᠴᠢᠭᠯᠡᠨ ᠰᠢᠬᠠᠵᠤ ᠲᠠᠮᠣᠯᠠᠵᠣ ᠪᠠᠶᠢᠭᠠᠳ ᠱᠠᠨ ᠰᠢ ᠮᠣᠵᠢ ᠶᠢᠨ ᠲᠠᠶᠢᠶᠣᠸᠠᠨ ᠤ ᠨᠡᠭᠦᠷᠡᠰᠦᠨ ᠠᠭᠤᠷᠬᠠᠢ ᠳᠤ ᠬᠠᠷ᠎ᠠ ᠠᠵᠢᠯ ᠬᠢᠯᠭᠡᠪᠡ᠃ ᠴᠠᠭᠠᠨᠪᠣᠯᠣᠳ ᠬᠠᠷ᠎ᠠ ᠠᠵᠢᠯ ᠬᠢᠵᠦ ᠨᠢᠷᠣᠭᠤ ᠡᠪᠦᠳᠦᠭ ᠤᠨ ᠮᠢᠬ᠎ᠠ ᠨᠢ ᠴᠦᠮ ᠴᠣᠭᠤᠷᠣᠨ᠂ ᠠᠷᠪᠠᠨ ᠵᠢᠯ ᠤᠨ ᠬᠠᠷ᠎ᠠ ᠠᠵᠢᠯ ᠤᠨ ᠬᠠᠯᠠ ᠲᠠᠮᠤᠯᠠᠯ ᠢᠶᠠᠷ ᠨᠡᠭᠦᠷᠡᠰᠦᠨ ᠠᠭᠤᠷᠬᠠᠢ  ᠳᠤ ᠨᠠᠰᠣ ᠪᠠᠷᠠᠪᠠ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ