| ᠠᠶᠤᠷᠽᠠᠨ᠎ᠠ ︵ — 1915 ᠤᠨ︶᠂ ᠮᠤᠩᠭᠤᠯ ᠦᠨᠳᠤᠰᠤᠳᠠᠨ᠂ ᠶᠡᠭᠡ ᠵᠤᠤ ᠶᠢᠨ ᠴᠢᠭᠤᠯᠭᠠᠨ ᠤ ᠲᠠᠯᠠᠳ ᠬᠤᠰᠢᠭᠤᠨ ᠤ ᠱᠠᠭᠵᠠᠮᠤᠨᠢ ᠶᠢᠨ ᠵᠤᠤ ᠶᠢᠨ | ᠪᠠᠷᠠᠭᠤᠨᠳᠠᠬᠢ ᠡᠩᠭᠡᠪᠡᠢ ᠨᠤᠳᠤᠭ ᠤᠨ ᠨᠢᠭᠡᠨ ᠲᠠᠶᠢᠵᠢ ᠢᠵᠠᠭᠤᠷᠳᠠᠨ ᠤ ᠭᠡᠷ ᠲᠤ ᠲᠦᠷᠦᠵᠡᠢ᠃ ᠲᠡᠷᠡ ᠬᠠᠷᠠᠬᠠᠨ ᠪᠠᠭ᠎ᠠ ᠠᠴᠠ ᠪᠠᠨ ᠪᠢᠴᠢᠭ ᠰᠤᠶᠤᠯ ᠲᠠᠢ | ᠲᠠᠨᠢᠯᠴᠠᠵᠤ᠂ ᠲᠦᠷᠪᠡᠨ ᠪᠢᠴᠢᠭ ᠲᠠᠪᠤᠨ ᠨᠤᠮ ᠢ ᠤᠡᠭᠰᠢᠵᠤ ᠦᠭᠡᠯᠡᠢ ᠪᠤᠯᠤᠭᠠᠳ ᠲᠤᠰ ᠬᠤᠰᠢᠭᠤᠨ ᠤ ᠵᠡᠬᠦᠨ ᠮᠠᠶᠢᠷᠠᠨ ᠤ ᠲᠤᠰᠢᠶᠠᠯ ᠢ ᠬᠠᠷᠢᠭᠤᠴᠠᠪᠠ᠃ | 1907 ᠤᠨ ᠳᠤ ᠲᠠᠯᠠᠳ ᠬᠤᠰᠢᠭᠤᠨ ᠤ ᠵᠠᠰᠠᠭ ᠸᠠᠩ ᠰᠦᠮᠪᠦᠷᠪᠡᠳᠤ ᠬᠤᠰᠢᠭᠤ ᠵᠠᠰᠠᠭ ᠤᠨ ᠡᠷᠭᠡ ᠶᠢ ᠵᠠᠯᠭᠠᠮᠵᠢᠯᠠᠭᠰᠠᠨ ᠤ ᠲᠠᠷᠠᠭ᠎ᠠ᠂ ᠤᠵᠢᠳ ᠰᠠᠮᠠᠭᠤᠨ | ᠠᠮᠢᠳᠤᠷᠠᠨ ᠬᠠᠷᠡᠩᠭᠤᠢ ᠨᠤᠶᠠᠷᠬᠠᠯ ᠬᠠᠷᠬᠢᠰ ᠵᠠᠰᠠᠭ ᠶᠠᠪᠤᠭᠤᠯᠵᠤ᠂ ᠰᠦᠢᠶᠤᠸᠠᠨ ᠪᠤᠭᠤᠳᠤ ᠶᠢᠨ ᠴᠡᠷᠢᠭ ᠤᠨ ᠡᠷᠭᠡᠳᠡᠨ ᠢ ᠪᠢᠯᠳᠠᠤᠴᠢᠯᠠᠨ᠂ ᠬᠢᠳᠡᠳ ᠤᠨ ᠲᠤᠮᠤ | ᠭᠠᠵᠠᠷ ᠤᠨ ᠡᠵᠡᠨ ᠸᠠᠩ ᠲᠦᠡᠭ ᠴᠦᠨ ᠲᠠᠢ ᠵᠢᠷᠤᠮ ᠤᠨ ᠠᠬ᠎ᠠ ᠲᠡᠬᠦᠤ ᠪᠤᠯᠤᠯᠴᠠᠵᠤ᠂ ᠬᠤᠰᠢᠭᠤᠨ ᠤ ᠪᠠᠨ ᠭᠠᠵᠠᠷ ᠨᠤᠳᠤᠭ ᠢ ᠶᠡᠭᠡᠪᠡᠷ ᠬᠠᠭᠠᠯᠪᠤᠷᠢᠯᠠᠨ | ᠲᠦᠷᠢᠶᠡᠰᠦᠯᠡᠭᠰᠡᠨ ᠪᠦᠭᠡᠳ ᠬᠤᠳᠠᠯᠳᠤᠵᠠᠢ᠃ ᠢᠷᠭᠡᠨ ᠤᠯᠤᠰ ᠤᠨ ᠠᠩᠬᠠᠨ ᠤ ᠤᠨ ᠪᠤᠯᠬᠤ ᠳᠤ ᠲᠠᠯᠠᠳ ᠬᠤᠰᠢᠭᠤᠨ ᠤ ᠪᠡᠯᠴᠢᠭᠡᠷ ᠤᠨ 80% ᠶᠢ ᠨᠢᠭᠡᠨᠳᠡ | ᠬᠠᠭᠠᠯᠪᠤᠷᠢᠯᠠᠭᠠᠳ᠂ ᠦᠷᠭᠡᠨ ᠤᠯᠠᠨ ᠮᠠᠯᠴᠢᠳ ᠮᠠᠯ ᠪᠡᠯᠴᠢᠭᠡᠬᠦ ᠭᠠᠵᠠᠷ ᠦᠭᠡᠢ ᠪᠤᠯᠬᠤ ᠳᠠᠭᠠᠨ ᠠᠬᠯᠠᠭ ᠠᠭᠤᠯᠠ ᠪᠠᠯᠠᠷ ᠡᠯᠡᠰᠤᠨ ᠳᠤ ᠰᠢᠬᠠᠭᠳᠠᠨ ᠤᠷᠤᠪᠠ᠃ | ᠢᠡᠭᠭᠢᠭᠰᠡᠨ ᠢᠶᠠᠷ ᠮᠠᠯ ᠤᠨᠤᠭ᠎ᠠ ᠶᠡᠭᠡᠪᠡᠷ ᠦᠬᠦᠵᠦ ᠰᠦᠢᠳᠦᠭᠡᠳ ᠮᠠᠯ ᠠᠵᠤ ᠠᠬᠤᠢ ᠲᠤᠷᠤᠶᠢᠳᠠᠬᠤ ᠶᠢᠨ ᠲᠤᠶᠢᠯ ᠳᠤ ᠬᠦᠷᠴᠡᠢ᠃ ᠭᠡᠳᠡᠯ᠎ᠡ ᠠᠯᠪᠠ ᠭᠤᠪᠴᠢᠭᠤᠷ | ᠲᠠᠰᠤᠷᠠᠯᠳᠠ ᠦᠭᠡᠢ ᠨᠡᠮᠡᠭᠳᠡᠵᠦ᠂ ᠤᠤᠯ ᠤᠨ ᠪᠠᠶᠢᠭᠰᠠᠨ ᠭᠤᠤᠯ ᠪᠤᠯᠬᠤ 9 ᠵᠦᠢᠯ ᠤᠨ ᠠᠯᠪᠠ ᠭᠤᠪᠴᠢᠭᠤᠷ ᠤᠨ ᠲᠡᠭᠡᠷ᠎ᠡ ᠴᠡᠷᠢᠭ ᠲᠡᠵᠢᠭᠡᠬᠦ ᠠᠯᠪᠠ᠂ ᠤᠷᠤᠭ | ᠪᠠᠷᠢᠯᠳᠤᠬᠤ ᠪᠡᠯᠡᠭ ᠰᠠᠯᠳᠠ ᠶᠢᠨ ᠵᠠᠷᠤᠳᠠᠯ᠂ ᠤᠰᠤ ᠪᠡᠯᠴᠢᠭᠡᠷ ᠤᠨ ᠭᠠᠶᠢᠯᠢ ᠵᠡᠷᠭᠡ ᠶᠢ ᠨᠡᠮᠡᠭᠡᠳ ᠨᠡᠶᠢᠳᠡ 19 ᠵᠦᠢᠯ ᠤᠨ ᠠᠯᠪᠠ ᠭᠠᠶᠢᠯᠢ ᠪᠤᠯᠭᠠᠪᠠ᠃ | ᠰᠦᠮᠪᠦᠷᠪᠡᠳᠤ ᠪᠠᠰᠠ ᠬᠤᠰᠢᠭᠤᠨ ᠤ ᠠᠷᠠᠳ ᠠᠴᠠ ᠬᠡᠳᠦᠨ ᠮᠢᠩᠭᠠᠨ ᠬᠦᠮᠦᠨ ᠢ ᠬᠠᠷ᠎ᠠ ᠠᠯᠪᠠᠨ ᠳᠤ ᠲᠡᠳᠡᠵᠦ᠂ ᠶᠡᠭᠡ ᠬᠡᠮᠵᠢᠶᠡᠨ ᠤ ᠴᠢᠯᠠᠭᠤ ᠮᠤᠳᠤ ᠬᠦᠳᠡᠯᠭᠡᠨ | ᠤᠷᠳᠤ ᠬᠠᠷᠰᠢ ᠪᠠᠨ ᠦᠷᠭᠡᠳᠭᠡᠨ ᠪᠠᠶᠢᠭᠤᠯᠪᠠ᠃ ᠬᠤᠰᠢᠭᠤᠨ ᠤ ᠵᠡᠬᠦᠨ ᠮᠠᠶᠢᠷᠠᠨ ᠠᠶᠤᠷᠽᠠᠨ᠎ᠠ ᠡᠳᠡᠭᠡᠷ ᠪᠠᠶᠢᠳᠠᠯ ᠢ ᠦᠵᠡᠭᠡᠳ᠂ ︽ᠠᠳᠠᠷ ᠬᠠᠭᠠᠯᠪᠤᠷᠢᠯᠠᠨ ᠭᠠᠵᠠᠷ | ᠬᠤᠳᠠᠯᠳᠤᠬᠤ ᠪᠠᠨ ᠵᠤᠭᠰᠤᠵᠤ᠂ ᠭᠠᠶᠢᠯᠢ ᠲᠠᠳᠠᠪᠤᠷᠢ ᠶᠢ ᠬᠦᠡᠭᠭᠡᠯᠡᠨ᠂ ᠤᠷᠳᠤ ᠬᠠᠷᠰᠢ ᠪᠠᠶᠢᠭᠤᠯᠬᠤ ᠪᠠᠨ ᠵᠤᠭᠰᠤᠬᠤ ᠭᠡᠷᠡᠭᠳᠡᠢ︾ ᠭᠡᠵᠦ ᠰᠦᠮᠪᠤᠷᠪᠡᠳᠤ ᠳᠤ | ᠬᠠᠳᠠᠭᠤᠮᠵᠢᠯᠠᠨ ᠬᠦᠰᠡᠭᠰᠡᠨ ᠪᠤᠯᠪᠠᠴᠤ ᠶᠠᠮᠠᠷ ᠴᠤ ᠦᠷ᠎ᠡ ᠳ᠋ᠦᠡᠭ ᠤᠯᠤᠭᠰᠠᠨ ᠦᠭᠡᠢ᠃ | 1914 ᠤᠨ ᠳᠤ ᠲᠠᠯᠠᠳ ᠬᠤᠰᠢᠭᠤᠨ ᠤ ᠶᠠᠮᠤᠨ ᠳᠤ ᠪᠤᠯᠤᠭᠰᠠᠨ ᠨᠢᠭᠡ ᠤᠳᠠᠭ᠎ᠠ ᠶᠢᠨ ᠲᠠᠶᠢᠯᠠᠯᠭ᠎ᠠ ᠲᠡᠭᠡᠷ᠎ᠡ ᠠᠶᠤᠷᠽᠠᠨ᠎ᠠ ᠴᠡᠭᠡᠵᠢ ᠲᠦᠷᠢᠨ ᠪᠤᠰᠴᠤ᠂ | ᠰᠦᠮᠪᠤᠷᠪᠡᠳᠤ ᠶᠢᠨ ᠠᠷᠠᠳ ᠣᠯᠠᠨ ᠤ ᠠᠰᠢᠭ ᠲᠤᠰᠠ ᠠᠴᠠ ᠲᠡᠷᠰᠯᠡᠵᠦ ᠭᠠᠵᠠᠷ ᠨᠤᠳᠤᠭ ᠢᠶᠠᠨ ᠬᠤᠳᠠᠯᠳᠤᠭᠰᠠᠨ ᠪᠠ ᠲᠡᠭᠡᠳᠦᠰ ᠤᠨ ᠠᠯᠳᠠᠷ ᠢ ᠭᠤᠳᠤᠭᠠᠨ | ᠲᠠᠭᠤᠴᠢᠨ ᠡᠬᠡᠨᠡᠷ ᠢ ᠬᠠᠳᠤᠨ ᠢᠶᠠᠨ ᠪᠤᠯᠭᠠᠵᠤ ᠠᠪᠤᠭᠰᠠᠨ ᠶᠠᠪᠤᠳᠠᠯ ᠢ ᠤᠯᠠᠨ ᠤ ᠡᠮᠦᠨ᠎ᠡ ᠪᠤᠷᠤᠭᠤᠰᠢᠶᠠᠨ ᠲᠤᠩᠭᠤᠳᠴᠤ᠂ ᠰᠦᠮᠪᠦᠷᠪᠡᠳᠤ ᠶᠢᠨ ᠲᠤᠷ᠎ᠠ | ᠦᠭᠡᠶᠢᠴᠡᠯ ᠢ ᠶᠡᠭᠡᠳᠡ ᠬᠦᠷᠭᠡᠪᠡ᠃ ᠮᠦᠨ ᠵᠢᠯ ᠤᠨ ᠨᠠᠮᠤᠷ᠂ ᠠᠶᠤᠷᠽᠠᠨ᠎ᠠ ᠴᠠᠭᠠᠨ ᠰᠤᠪᠤᠷᠭ᠎ᠠ ᠰᠦᠮ᠎ᠡ ᠠᠴᠠ ᠭᠡᠷ ᠵᠦᠭ ᠢᠶᠠᠨ ᠪᠤᠴᠠᠬᠤ ᠳᠠᠭᠠᠨ ᠷᠠᠰᠢᠴᠤᠶᠢᠯᠠᠩ | ᠵᠤᠤ ᠪᠠᠷ ᠲᠠᠭᠠᠷᠢᠭᠰᠠᠨ ᠳᠤ ᠲᠡᠨᠳᠡ ᠰᠦᠮ᠎ᠡ ᠶᠢᠨ ᠬᠤᠷᠠᠯ ᠪᠤᠯᠵᠤ ᠬᠦᠮᠦᠨ ᠤᠯᠠᠨ ᠴᠤᠭᠯᠠᠷᠠᠭᠠᠳ ᠰᠦᠮᠪᠤᠷᠪᠡᠳᠤ ᠶᠢᠨ ᠰᠢᠳᠡᠷ ᠢᠳᠡᠭᠡᠯᠳᠡᠨ ᠭᠠᠷ ᠫᠤᠤᠳᠤ ᠠᠩᠬᠢ | ᠶᠢᠨ ᠲᠠᠷᠤᠭ᠎ᠠ ᠮᠢᠩᠭ᠎ᠠ ᠵᠤᠭᠤᠰ ᠨᠠᠭᠠᠳᠬᠤ ᠭᠠᠵᠠᠷ ᠭᠠᠷᠭᠠᠨ᠂ ᠠᠷᠠᠳ ᠤᠯᠠᠨ ᠢ ᠮᠡᠭᠡᠯᠡᠨ ᠬᠤᠨᠵᠢᠵᠤ ᠪᠠᠶᠢᠵᠠᠢ᠃ ᠠᠶᠤᠷᠽᠠᠨ᠎ᠠ᠂ ᠮᠠᠶᠢᠷᠠᠨ ᠤ ᠡᠷᠭᠡ ᠪᠠᠷ ᠢᠶᠠᠨ | ᠬᠡᠳᠦᠨ ᠬᠦᠮᠦᠨ ᠲᠤᠮᠢᠯᠠᠵᠤ ᠨᠠᠭᠠᠳᠤᠮ ᠤᠨ ᠭᠠᠵᠠᠷ ᠢ ᠨᠢ ᠡᠪᠳᠡᠯᠡᠬᠦᠯᠦᠭᠡᠳ ᠨᠠᠭᠠᠳᠴᠤ ᠪᠠᠶᠢᠭᠰᠠᠨ ᠬᠦᠮᠦᠰ ᠢ ᠲᠠᠷᠬᠠᠭᠠᠪᠠ᠃ ᠡᠬᠦᠨ ᠳᠤ ᠰᠦᠮᠪᠤᠷᠪᠡᠳᠤ ᠶᠡᠭᠡᠳᠡ | ᠬᠤᠷᠤᠰᠴᠤ᠂ ᠨᠢᠭᠡ ᠤᠳᠠᠭ᠎ᠠ ᠶᠢᠨ ᠴᠢᠬᠤᠯᠭᠠᠨ ︵ᠬᠤᠷᠠᠯ︶ ᠲᠡᠭᠡᠷ᠎ᠡ ᠵᠤᠷᠢᠭᠤᠳᠠ ᠦ ᠡᠷᠢᠵᠦ ᠪᠠᠶᠢᠭᠠᠳ ᠠᠶᠤᠷᠽᠠᠨ᠎ᠠ ᠶᠢ 40 ᠮᠤᠳᠤ ᠵᠠᠨᠴᠢᠵᠠᠢ᠃ ᠡᠬᠦᠨ ᠠᠴᠠ | ᠪᠤᠯᠤᠭᠠᠳ ᠠᠶᠤᠷᠽᠠᠨ᠎ᠠ ᠡᠪᠡᠳᠴᠢᠨ ᠢᠶᠠᠷ ᠰᠢᠯᠳᠠᠭᠯᠠᠨ ᠲᠤᠰᠢᠶᠠᠯ ᠢᠶᠠᠨ ᠬᠠᠶᠠᠵᠤ ᠭᠡᠷ ᠲᠡᠭᠡᠨ ᠬᠠᠷᠢᠪᠠ᠃ ᠢᠡᠭᠭᠢᠭᠰᠡᠨ ᠢᠶᠠᠷ ᠠᠶᠤᠷᠽᠠᠨ᠎ᠠ ᠪᠠᠷ ᠲᠦᠯᠦᠭᠡᠯᠡᠬᠦᠯᠦᠭᠰᠡᠨ | ᠦᠨᠡᠨ ᠢ ᠪᠠᠷᠢᠮᠳᠠᠯᠠᠬᠤ ᠶᠢ ᠵᠤᠷᠢᠭᠴᠢ ᠨᠤᠶᠠᠳ ᠪᠤᠯᠤᠨ ᠰᠦᠮᠪᠦᠷᠪᠡᠳᠤ ᠶᠢᠨ ᠬᠤᠭᠤᠷᠤᠨᠳᠤᠬᠢ ᠵᠦᠷᠢᠴᠡᠯ ᠤᠯᠠᠮ ᠶᠡᠭᠡᠳᠴᠡᠢ᠃ | 1914 ᠤᠨ ᠤ 10 ᠰᠠᠷ᠎ᠠ ᠶᠢᠨ ᠦᠶ᠎ᠡ ᠪᠠᠷ᠂ ᠠᠶᠤᠷᠽᠠᠨ᠎ᠠ ᠴᠠᠶᠢᠳᠠᠮ ᠳᠤ ᠬᠤᠷᠠᠭ᠎ᠠ᠂ ᠮᠠᠩᠯᠠᠢ ᠦᠯᠵᠡᠶᠢᠳᠤᠭᠳᠠᠬᠤ ᠨᠠᠷ ᠲᠠᠢ ᠠᠭᠤᠯᠵᠠᠭᠠᠳ ︽ | ᠲᠤᠭᠤᠶᠢᠯᠠᠩ︾ ᠪᠠᠶᠢᠭᠤᠯᠤᠨ ᠰᠦᠮᠪᠤᠷᠪᠡᠳᠤ ᠶᠢᠨ ᠬᠠᠷᠬᠢᠰ ᠨᠤᠶᠠᠷᠬᠠᠯ ᠢ ᠡᠰᠡᠷᠬᠦᠴᠡᠬᠦ ᠶᠠᠪᠤᠳᠠᠯ ᠢ ᠨᠢᠭᠤᠴᠠ ᠪᠠᠷ ᠵᠦᠪᠳᠡᠪᠡ᠃ ᠲᠡᠳᠡ ᠴᠦᠮ ᠠᠶᠤᠷᠽᠠᠨ᠎ᠠ ᠶᠢᠨ | ᠰᠠᠨᠠᠯ ᠢ ᠵᠦᠪᠰᠢᠶᠡᠷᠡᠵᠦ᠂ ︽ᠲᠤᠭᠤᠶᠢᠯᠠᠩ︾ ᠤᠨ ᠶᠡᠷᠦᠩᠭᠡᠢ ᠤᠳᠤᠷᠢᠳᠤᠯᠭ᠎ᠠ ᠶᠢᠨ ᠲᠤᠤᠷ᠎ᠠ ᠨᠡᠶᠢᠳᠡ 5 ᠤᠷᠤᠨ ᠬᠤᠪᠢᠶᠠᠭᠠᠳ ︽ᠲᠤᠭᠤᠶᠢᠯᠠᠩ︾ ᠤᠨ ᠪᠠᠭ᠎ᠠ | ᠲᠤᠭᠤᠶᠢᠯᠠᠩ ᠢ ᠪᠠᠶᠢᠭᠤᠯᠵᠤ᠂ ᠤᠳᠤᠷᠢᠳᠤᠬᠤ ᠬᠦᠮᠦᠨ ᠢ ᠨᠢ ᠰᠤᠩᠭᠤᠨ ᠭᠠᠷᠭᠠᠭᠰᠠᠨ ᠪᠦᠭᠡᠳ ᠡᠯ᠎ᠡ ᠤᠷᠤᠨ ᠤ ᠲᠤᠭᠤᠶᠢᠯᠠᠩ ᠤᠨ ᠭᠤᠤᠯ ᠪᠤᠯᠬᠤ ᠬᠦᠮᠦᠰ ᠢ | ᠴᠠᠶᠢᠳᠠᠮ ᠳᠤ ᠬᠤᠷᠠᠯᠳᠣᠭᠤᠯᠵᠤ ᠲᠤᠭᠤᠶᠢᠯᠠᠩ ᠤᠨ ᠶᠡᠷᠦᠩᠭᠡᠢ ᠭᠠᠵᠠᠷ ᠢ ᠪᠠᠶᠢᠭᠤᠯᠵᠠᠢ᠃ ᠲᠡᠭᠡᠭᠡᠳ ᠠᠶᠤᠷᠽᠠᠨ᠎ᠠ ᠶᠢ ᠶᠡᠷᠦᠩᠭᠡᠢ ᠤᠳᠤᠷᠢᠳᠤᠭᠴᠢ᠂ ᠬᠤᠷᠠᠭ᠎ᠠ ᠶᠢ | ᠲᠡᠳ᠋ ᠤᠳᠤᠷᠢᠳᠤᠭᠴᠢ ᠪᠠᠷ ᠰᠤᠩᠭᠤᠭᠰᠠᠨ ᠤ ᠬᠠᠮᠳᠤ ᠪᠠᠰᠠ ᠪᠢᠴᠢᠭᠡᠴᠢ ᠪᠤᠯᠤᠨ ᠤᠬᠠᠭᠤᠯᠭ᠎ᠠ ᠵᠡᠷᠭᠡ ᠪᠠᠶᠢᠭᠤᠯᠤᠮᠵᠢ ᠶᠢ ᠭᠠᠷᠭᠠᠵᠤ ᠬᠠᠷᠢᠭᠤᠴᠠᠯᠭᠠᠳᠠᠨ | ᠲᠤᠬᠢᠷᠠᠭᠤᠯᠪᠠ᠃ ᠮᠦᠨ ᠵᠢᠯ ᠤᠨ ᠡᠪᠤᠯ᠂ ᠠᠶᠤᠷᠽᠠᠨ᠎ᠠ ᠪᠤᠯᠤᠨ ᠬᠤᠷᠠᠭ᠎ᠠ ᠶᠢᠨ ᠡᠷᠬᠢᠯᠡᠭᠡ ᠪᠠᠷ ᠲᠤᠭᠤᠶᠢᠯᠠᠩ ᠤᠨ ᠬᠦᠳᠦᠯᠪᠦᠷᠢ ᠬᠢᠭᠡᠳ ᠠᠮᠠᠨ ᠲᠤᠬᠢᠶ᠎ᠠ ᠶᠢ | ᠲᠤᠭᠳᠠᠭᠠᠵᠤ᠂ ᠦᠷᠭᠡᠨ ᠢᠶᠠᠷ ᠤᠬᠠᠭᠤᠯᠭ᠎ᠠ ᠬᠢᠪᠡ᠃ ᠡᠯ᠎ᠡ ᠤᠷᠤᠨ ᠳᠤ ᠨᠢᠭᠤᠴᠠ ᠬᠤᠷᠠᠯ ᠬᠢᠵᠤ᠂ ᠤᠯᠠᠨ ᠲᠦᠮᠡᠨ ᠲᠠᠢ ᠬᠤᠯᠪᠤᠭ᠎ᠠ ᠠᠪᠴᠤ ᠵᠤᠬᠢᠶᠠᠨ | ᠪᠠᠶᠢᠭᠤᠯᠤᠨ ᠲᠠᠶᠢᠴᠢᠯᠠᠬᠤ ᠠᠵᠢᠯ ᠢ ᠬᠢᠭᠰᠡᠨ ᠢᠶᠠᠷ ᠠᠷᠠᠳ ᠤᠯᠠᠨ ᠲᠤᠭᠤᠶᠢᠯᠠᠩ ᠤᠨ ᠤᠬᠠᠭᠤᠯᠭ᠎ᠠ ᠶᠢ ᠢᠳᠡᠪᠬᠢᠳᠡᠢ ᠴᠤᠤᠷᠢᠶᠠᠳᠤᠨ ᠲᠠᠭᠠᠵᠤ᠂ 3 ᠰᠤᠮᠤ ᠶᠢᠨ 5 | ᠤᠷᠤᠨ ᠤ 2500 ᠡᠷᠦᠭᠡ ᠮᠠᠯᠴᠢᠳ ᠬᠦᠳᠡᠯᠭᠡᠭᠡᠨ ᠳᠤ ᠤᠷᠤᠯᠴᠠᠭᠠᠳ ᠲᠠᠷᠠᠭ᠎ᠠ ᠵᠢᠯ ᠤᠨ ᠬᠢᠨᠢ ᠴᠠᠭᠠᠨ ᠰᠠᠷ᠎ᠠ ᠳᠤ ᠪᠤᠰᠤᠯᠭ᠎ᠠ ᠭᠠᠷᠭᠠᠬᠤ ᠪᠠᠷ ᠲᠤᠭᠳᠠᠪᠠ᠃ | 1915 ᠤᠨ ᠤ ᠴᠠᠭᠠᠨ ᠰᠠᠷ᠎ᠠ ᠶᠢᠨ 20 ᠤ ᠡᠳᠦᠷ ᠪᠤᠯᠤᠭᠰᠠᠨ ᠶᠠᠮᠤᠨ ᠤ ᠴᠢᠭᠤᠯᠭᠠᠨ ᠳᠤ ᠲᠠᠯᠠᠳ ᠬᠤᠰᠢᠭᠤᠨ ᠤ ᠪᠠᠷᠠᠭᠤᠨ 3 ᠰᠤᠮᠤᠨ ᠤ ᠬᠢᠨ ᠵᠤᠷᠰᠢᠯ | ᠶᠤᠰᠤᠭᠠᠷ ᠬᠦᠷᠭᠡᠬᠦ ᠶᠤᠰᠤᠳᠠᠢ ᠦᠭᠡᠷ᠂ ᠬᠤᠨᠢ᠂ ᠭᠠᠶᠢᠯᠢ ᠲᠠᠳᠠᠪᠤᠷᠢ᠂ ᠪᠡᠯᠡᠭ ᠰᠠᠯᠳᠠ ᠵᠡᠷᠭᠡ ᠪᠠᠨ ᠬᠦᠷᠭᠡᠭᠰᠡᠨ ᠦᠭᠡᠢ ᠮᠦᠷᠳᠡᠭᠡᠨ ︽ᠲᠤᠭᠤᠶᠢᠯᠠᠩ︾ ᠤᠨ ︽ | ᠬᠦᠰᠡᠮᠵᠢᠯᠡᠯ ᠤᠨ ᠪᠢᠴᠢᠭ︾ ᠢᠶᠠᠨ ᠲᠡᠪᠰᠢᠬᠦᠯᠦᠭᠰᠡᠨ ᠪᠠᠶᠢᠨ᠎ᠠ᠃ ᠬᠤᠰᠢᠭᠤ ᠸᠠᠩ ᠰᠦᠮᠪᠦᠷᠪᠡᠳᠤ ᠲᠤᠰ ᠪᠢᠴᠢᠭ ᠢ ᠦᠵᠡᠭᠡᠳ ᠶᠡᠭᠡᠯ᠎ᠡ ᠠᠶᠤᠵᠤ᠂ ᠨᠢᠭᠡ ᠲᠠᠯ᠎ᠠ | ᠪᠠᠷ ᠶᠡᠭᠡ ᠵᠤᠤ ᠶᠢᠨ ᠴᠢᠭᠤᠯᠭᠠᠨ ᠳᠤ ᠠᠶᠤᠷᠽᠠᠨ᠎ᠠ ᠶᠢ ᠤᠷᠪᠠᠯ᠎ᠠ ᠭᠡᠮᠡᠨ ᠮᠡᠳᠡᠬᠦᠯᠵᠦ᠂ ᠨᠦᠬᠦᠭᠡ ᠲᠠᠯ᠎ᠠ ᠪᠠᠷ ᠪᠤᠭᠤᠳᠤ᠂ ᠰᠦᠢᠶᠤᠸᠠᠨ ᠤ ᠴᠡᠷᠢᠭ ᠤᠨ ᠲᠠᠯ᠎ᠠ ᠶᠢᠨ | ᠬᠢᠨ ᠳᠤ ᠵᠡᠬᠢᠳᠠᠯ ᠶᠠᠪᠤᠭᠤᠯᠵᠤ ᠲᠡᠮᠵᠢᠯᠭᠡ ᠤᠯᠬᠤ ᠪᠠᠷ ᠭᠤᠶᠤᠭᠰᠠᠨ ᠪᠦᠭᠡᠳ ᠬᠤᠶᠠᠭ ᠴᠡᠷᠢᠭ ᠴᠤᠭᠯᠠᠭᠤᠯᠵᠤ ᠬᠠᠮᠠᠭᠠᠯᠠᠯᠳᠠ ᠪᠠᠨ ᠴᠢᠩᠭᠠᠳᠬᠠᠪᠠ᠃ | ᠲᠤᠭᠤᠶᠢᠯᠠᠩ ᠤᠨ ᠬᠢᠨ ᠬᠦᠰᠡᠮᠵᠢᠯᠡᠯ ᠤᠨ ᠪᠢᠴᠢᠭ ᠢᠶᠠᠨ ᠶᠡᠭᠡ ᠵᠤᠤ ᠶᠢᠨ ᠴᠢᠭᠤᠯᠭᠠᠨ ᠪᠤᠯᠤᠨ ᠪᠦᠬᠦᠳᠡ ᠶᠢ ᠵᠠᠬᠢᠷᠤᠭᠴᠢ ᠶᠢᠨ ᠶᠠᠮᠤᠨ ᠵᠢᠴᠢ ᠡᠯ᠎ᠡ | ᠬᠤᠰᠢᠭᠤᠨ ᠳᠤ ᠬᠦᠷᠭᠡᠵᠦ ᠪᠤᠰᠤᠯᠭ᠎ᠠ ᠭᠠᠷᠭᠠᠭᠰᠠᠨ ᠢᠶᠠᠨ ᠵᠢᠩᠬᠢᠨᠢ ᠪᠠᠷ ᠨᠡᠶᠢᠳᠡᠯᠡᠵᠡᠢ᠃ ᠲᠡᠷᠡᠴᠢᠯᠡᠨ ᠪᠠᠰᠠ ᠠᠷᠠᠳ ᠲᠦᠮᠡᠨ ᠳᠤ ᠮᠡᠳᠡᠭᠳᠡᠬᠦ ᠪᠢᠴᠢᠭ ᠭᠠᠷᠭᠠᠵᠤ | ᠲᠤᠭᠤᠶᠢᠯᠠᠩ ᠤᠨ ᠡᠯ᠎ᠡ ᠤᠷᠤᠨ ᠳᠤ ᠬᠠᠭᠤᠯᠤᠨ ᠨᠠᠭᠠᠵᠤ ᠤᠬᠠᠭᠤᠯᠭ᠎ᠠ ᠬᠢᠵᠦ᠂ ᠡᠯ᠎ᠡ ᠤᠷᠤᠨ ᠤ ᠲᠤᠭᠤᠶᠢᠯᠠᠩ ᠤᠨ ᠤᠳᠤᠷᠢᠳᠬᠤ ᠬᠦᠮᠦᠰ ᠤᠨ ᠬᠤᠷᠠᠯ ᠢ | ᠬᠤᠷᠠᠯᠳᠤᠭᠤᠯᠵᠤ ᠳᠤᠳᠤᠭᠠᠳᠤ ᠶᠢᠨ ᠲᠦᠷᠢᠮ ᠪᠤᠯᠤᠨ ᠬᠠᠷᠢᠯᠴᠠᠬᠤ ᠨᠢᠭᠤᠴᠠ ᠲᠤᠬᠢᠶ᠎ᠠ ᠵᠡᠷᠭᠡ ᠪᠠᠨ ᠵᠦᠪᠳᠡᠨ ᠲᠤᠭᠳᠠᠭᠠᠪᠠ᠃ ᠪᠡᠰᠡ ᠪᠠᠷᠠᠭᠤᠨ 3 ᠰᠤᠮᠤᠨ ᠤ | ᠵᠠᠰᠠᠭ ᠤᠨ ᠡᠷᠭᠡ ᠳᠤ ᠲᠤᠬᠢᠷᠠᠭᠤᠯᠤᠯᠳᠠ ᠬᠢᠵᠦ᠂ ᠰᠦᠮᠪᠦᠷᠪᠡᠳᠤ ᠳᠤ ᠦᠨᠡᠨᠴᠢ ᠰᠢᠳᠤᠷᠭᠤ ᠪᠠᠶᠢᠳᠠᠭ ᠲᠡᠳᠡᠭᠡᠷ ᠵᠠᠩᠬᠢ᠂ ᠬᠦᠨᠳᠤ ᠶᠢ ᠴᠦᠮ ᠰᠤᠯᠢᠪᠠ᠃ ᠡᠬᠦᠨ ᠤ | ᠵᠡᠷᠭᠡᠴᠡᠭᠡᠪᠡᠷ ᠦᠡᠭᠭᠡᠷᠡᠭᠰᠡᠨ ᠤ ᠲᠡᠷᠡᠬᠦ ᠵᠦᠢ ᠵᠤᠬᠢᠰ ᠦᠭᠡᠢ ᠭᠠᠶᠢᠯᠢ ᠲᠠᠳᠠᠪᠤᠷᠢ ᠶᠢ ᠴᠦᠮ ᠬᠦᠴᠦᠨ ᠦᠭᠡᠢ ᠪᠤᠯᠭᠠᠬᠤ ᠪᠠᠷ ᠲᠤᠳᠤᠷᠬᠠᠢ ᠨᠡᠶᠢᠳᠡᠯᠡᠭᠡᠳ ᠮᠠᠯᠴᠢᠳ | ᠤᠨ ᠬᠦᠷᠢᠶᠡᠯᠡᠯ ᠢ ᠶᠡᠭᠡᠪᠡᠷ ᠤᠯᠪᠠ᠃ ᠲᠤᠭᠤᠶᠢᠯᠠᠩ ᠨᠢ ᠪᠠᠰᠠ ᠲᠠᠷᠢᠶᠠᠴᠢᠳ ᠤᠨ ᠲᠠᠷᠤᠭᠠᠰᠤ ᠶᠢ ᠬᠦᠡᠭᠭᠡᠷᠡᠬᠦᠯᠵᠦ᠂ ᠭᠠᠵᠠᠷ ᠤᠨ ᠲᠦᠷᠢᠶᠡᠰᠤ ᠶᠢ ᠬᠠᠰᠤᠭᠰᠠᠨ | ᠢᠶᠠᠷ ᠲᠠᠷᠢᠶᠠᠴᠢᠳ ᠤᠨ ᠬᠦᠷᠢᠶᠡᠯᠡᠯ ᠢ ᠤᠯᠵᠤ᠂ ᠲᠠᠷᠢᠶᠠᠴᠢᠳ ᠰᠠᠶᠢᠨ ᠲᠤᠷ᠎ᠠ ᠠᠴᠠ ᠪᠠᠨ ᠲᠤᠭᠤᠶᠢᠯᠠᠩ ᠳᠤ ᠠᠮᠤ ᠬᠦᠨᠡᠰᠤ᠂ ᠡᠪᠡᠰᠤ ᠪᠤᠷᠳᠤᠭ᠎ᠠ ᠬᠦᠷᠭᠡᠵᠦ | ᠪᠠᠶᠢᠯ᠎ᠠ᠃ ᠲᠤᠭᠤᠶᠢᠯᠠᠩ ᠳᠤ ᠤᠷᠤᠯᠴᠠᠭᠰᠠᠨ 2500 ᠡᠷᠦᠭᠡ ᠮᠠᠯᠴᠢᠳ ᠠᠴᠠ ᠭᠠᠳᠠᠨ᠎ᠠ ᠪᠠᠰᠠ ᠲᠦᠮᠡ ᠰᠢᠬᠠᠮ ᠡᠷᠦᠬᠡ ᠲᠠᠷᠢᠶᠠᠴᠢᠳ ᠤᠨ ᠲᠠᠮᠵᠢᠯᠭᠡ ᠶᠢ ᠤᠯᠵᠤ᠂ | ᠲᠤᠭᠤᠶᠢᠯᠠᠩ ᠤᠨ ᠨᠦᠯᠦᠭᠡ ᠶᠢᠨ ᠦᠷᠭᠡᠵᠢᠬᠦ ᠶᠢ ᠲᠠᠭᠠᠯᠳᠤᠭᠠᠳ ᠭᠠᠵᠠᠷ ᠤᠷᠤᠨ ᠤ ᠬᠢᠨ ᠴᠤ ᠰᠠᠶᠢᠨ ᠲᠤᠷ᠎ᠠ ᠠᠴᠠ ᠪᠠᠨ ᠲᠤᠭᠤᠶᠢᠯᠠᠩ ᠳᠤ ᠢᠷᠡᠵᠦ | ᠤᠷᠤᠯᠴᠠᠵᠤ ᠪᠠᠶᠢᠪᠠ᠃ | 1915 ᠤᠨ ᠤ ᠬᠠᠪᠤᠷ ᠰᠦᠮᠪᠦᠷᠪᠡᠳᠤ ᠤᠷᠳᠤᠨ ᠤ ᠸᠠᠶᠢᠳᠠᠨᠢᠳᠠ ᠷᠡᠨᠴᠢᠨ᠂ ᠪᠠᠷᠠᠭᠤᠨ ᠲᠤᠰᠠᠯᠠᠭᠴᠢ ᠦᠯᠵᠡᠶᠢᠪᠠᠳᠠᠷᠠᠬᠤ ᠵᠡᠷᠭᠡ 10 ᠬᠦᠮᠦᠨ ᠢ ᠴᠠᠶᠢᠳᠠᠮ | ᠳᠤ ᠤᠴᠢᠭᠤᠯᠤᠨ ᠲᠤᠭᠤᠶᠢᠯᠠᠩ ᠤᠨ ᠬᠢᠨ ᠢ ᠢᠯᠪᠢᠨ ᠲᠠᠭᠠᠭᠤᠯᠬᠤ ᠭᠡᠯᠡᠯᠴᠡᠭᠡ ᠬᠢᠯᠭᠡᠬᠦ ᠭᠡᠰᠡᠨ ᠳᠤ ᠲᠤᠭᠤᠶᠢᠯᠠᠩ ᠤᠨ ᠬᠢᠨ ᠲᠡᠳᠡᠨ ᠢ ᠦᠬᠦᠳᠡᠯ᠎ᠡ ᠵᠠᠨᠴᠢᠭᠠᠳ | ᠬᠦᠭᠡᠭᠡᠵᠦ ᠶᠠᠪᠤᠭᠤᠯᠪᠠ᠃ ᠰᠦᠮᠪᠦᠷᠪᠡᠳᠤ ᠠᠶᠤᠬᠤ ᠳᠠᠭᠠᠨ ᠪᠤᠭᠤᠳᠤ ᠠᠴᠠ ᠢ ᠬᠦ᠋ ᠶᠢᠨ ᠴᠡᠷᠢᠭ ᠤᠨ ᠨᠢᠭᠡᠨ ᠬᠤᠷᠢᠶ᠎ᠠ ᠶᠢ ᠭᠤᠶᠤᠵᠤ ᠬᠤᠰᠢᠭᠤᠨ ᠳᠠᠭᠠᠨ | ᠠᠪᠴᠢᠷᠠᠨ ᠰᠠᠭᠤᠯᠭᠠᠭᠠᠳ ᠠᠮᠤᠷ ᠢ ᠬᠠᠮᠠᠭᠠᠯᠠᠬᠤ ᠭᠡᠰᠡᠨ ᠪᠦᠭᠡᠳ ᠰᠤᠷᠮᠠᠭᠠᠢ ᠲᠡᠭᠡᠷᠡᠮ ᠯᠦᠡᠭ ᠡᠯ ᠲᠤ ᠽᠢ ᠶᠢ ᠲᠡᠳᠡᠨ ᠠᠪᠴᠤ ᠠᠶᠤᠷᠽᠠᠨ᠎ᠠ ᠶᠢ ᠨᠢᠭᠤᠴᠠ ᠪᠠᠷ | ᠬᠤᠤᠷᠯᠠᠭᠤᠯᠬᠤ ᠭᠡᠪᠡ᠃1915 ᠤᠨ ᠤ 5 ᠰᠠᠷ᠎ᠠ ᠶᠢᠨ 20 ᠤ ᠰᠦᠨᠢ ᠯᠦᠡᠭ ᠡᠯ ᠲᠤ ᠽᠢ ᠶᠢᠨ ᠲᠠᠭᠠᠭᠤᠯᠤᠭᠰᠠᠨ 20 ᠭᠠᠷᠤᠢ ᠲᠡᠭᠡᠷᠡᠮ ᠡᠩᠭᠡᠪᠡᠢ ᠲᠤᠰᠬᠤᠨ | ᠳᠤ ᠬᠦᠷᠴᠤ 21 ᠤ ᠡᠳᠦᠷ ᠤᠨ ᠬᠠᠷ᠎ᠠ ᠦᠷᠯᠦᠭᠡ ᠪᠠᠷ ᠠᠶᠤᠷᠽᠠᠨ᠎ᠠ ᠶᠢᠨ ᠭᠡᠷ ᠢ ᠪᠦᠰᠡᠯᠡᠨ ᠲᠠᠭᠠᠷᠢᠵᠤ᠂ ᠠᠶᠤᠷᠽᠠᠨ᠎ᠠ ᠬᠦᠤ ᠲᠠᠢ ᠪᠠᠨ ᠡᠨᠡᠬᠦ ᠬᠡᠨᠡᠳᠳᠠ ᠶᠢᠨ | ᠲᠠᠭᠠᠷᠢᠯᠳᠠ ᠳᠤ ᠠᠵᠠ ᠪᠤᠰᠤ ᠪᠠᠷ ᠫᠤᠤᠳᠠᠭᠳᠠᠨ ᠠᠯᠠᠭᠳᠠᠭᠰᠠᠨ ᠪᠠᠶᠢᠨ᠎ᠠ᠃ | | |