ᠴᠠᠭ ᠤᠨ ᠬᠦᠷᠳᠤ ᠶᠢ ᠵᠤᠭᠰᠤᠭᠠᠵᠤ᠂ ᠦᠳᠡᠯᠵᠤ ᠡᠪᠤᠬᠡᠷᠡᠬᠦ ᠦᠩ ᠶᠢᠷᠳᠢᠨᠴᠤ ᠶᠢᠨ ᠵᠠᠩ ᠵᠢᠷᠦᠮ ᠢ | ᠬᠠᠯᠠᠵᠤ ᠦᠯᠦ ᠪᠤᠯᠤᠨ᠎ᠠ ᠬᠡᠳᠡᠭ ᠴᠤ ᠵᠠᠷᠢᠮ ᠵᠦᠪ ᠪᠤᠰᠤ ᠳᠠᠳᠬᠠᠯ ᠢᠶᠠᠨ ᠦᠬᠡᠷᠡᠴᠢᠯᠡᠵᠤ᠂ ᠡᠷᠡᠬᠦᠯ ᠠᠮᠢᠳᠤᠷᠠᠬᠤ | ᠵᠡᠷᠴᠢᠮ ᠢ ᠪᠠᠷᠢᠮᠳᠠᠯᠠᠪᠠᠯ ᠦᠳᠡᠯᠬᠦ ᠶᠢ ᠤᠳᠠᠭᠠᠰᠢᠷᠠᠭᠤᠯᠵᠤ ᠪᠤᠯᠳᠠᠭ ᠶᠤᠮ᠃ | ᠰᠢᠮ᠎ᠡ ᠳᠡᠵᠢᠬᠡᠯ ᠳᠤᠳᠠᠬᠤ | ᠤᠷᠳᠤ ᠬᠤᠭᠤᠴᠠᠭ᠎ᠠ ᠪᠠᠷ ᠪᠤᠯᠪᠠᠰᠤᠷᠠᠭᠤᠯᠤᠭᠰᠠᠨ ᠢᠳᠡᠬᠡᠨ ᠪᠠ ᠰᠢᠬᠢᠷ ᠤᠨ ᠠᠭᠤᠯᠤᠭᠳᠠᠴᠠ ᠦᠨᠳᠤᠷ | ᠢᠳᠡᠬᠡᠨ ᠤᠮᠳᠠᠭᠠᠨ ᠬᠡᠷᠡᠭᠯᠡᠬᠦ ᠨᠢ ᠦᠷᠪᠢᠰᠤᠯ ᠤᠯᠬᠤ ᠪᠠ ᠴᠢᠯᠦᠬᠡᠳᠤ ᠭᠧᠨ ᠤ ᠡᠪᠳᠡᠭᠳᠡᠯ ᠢ ᠨᠡᠮᠡᠭᠳᠡᠬᠦᠯᠳᠡᠭ᠃ | ᠦᠳᠡᠯᠬᠦ ᠶᠢ ᠤᠳᠠᠭᠠᠰᠢᠷᠠᠭᠤᠯᠬᠤ ᠶᠢᠨ ᠳᠤᠯᠠᠳᠠ ᠬᠤᠭᠤᠯᠠ ᠤᠮᠳᠠ ᠪᠠᠨ ᠵᠤᠬᠢᠰᠳᠠᠢ ᠳᠤᠬᠢᠷᠠᠭᠤᠯᠵᠤ᠂ ᠵᠢᠮᠢᠰ | ᠨᠤᠭᠤᠭ᠎ᠠ᠂ ᠬᠠᠷ᠎ᠠ ᠮᠢᠬ᠎ᠠ ᠬᠢᠬᠡᠳ ᠤᠬᠢ ᠦᠬᠡᠬᠦ ᠠᠭᠤᠯᠤᠭᠰᠠᠨ ᠢᠳᠡᠬᠡᠨ ᠢ ᠢᠯᠡᠬᠦᠬᠡᠨ ᠢᠳᠡᠬᠦ ᠬᠡᠷᠡᠭᠳᠡᠢ᠃ | ᠳᠠᠮᠢᠷ ᠤᠨ ᠬᠦᠳᠡᠯᠬᠡᠬᠡᠨ ᠳᠤᠳᠠᠬᠤ | ᠳᠠᠮᠢᠷ ᠤᠨ ᠬᠦᠳᠡᠯᠬᠡᠬᠡᠨ ᠳᠤᠳᠠᠬᠤ ᠨᠢ ᠪᠤᠯᠴᠢᠩ ᠢ ᠠᠪᠴᠢᠭᠤᠯᠵᠤ᠂ ᠶᠠᠰᠤᠨ ᠤ ᠨᠢᠠᠠᠳᠠᠴᠠ ᠶᠢ | ᠪᠠᠭᠠᠰᠬᠠᠨ᠂ ᠪᠡᠶ᠎ᠡ ᠶᠢᠨ ᠵᠢᠩ ᠢ ᠨᠡᠮᠡᠭᠳᠡᠬᠦᠯᠵᠤ᠂ ᠵᠢᠷᠦᠬᠡ ᠴᠢᠰᠤᠨ ᠰᠤᠳᠠᠯ ᠢ ᠬᠡᠮᠳᠦᠬᠡᠬᠦ ᠶᠢᠨ ᠤᠯᠠᠮ ᠠᠴᠠ | ᠦᠳᠡᠯᠬᠦ ᠶᠢ ᠲᠦᠷᠬᠡᠳᠬᠡᠳᠡᠭ᠃ | ᠠᠷᠢᠬᠢᠨ ᠳᠤ ᠰᠢᠨᠤᠬᠤ | ᠰᠫᠢᠷᠲ ᠨᠢ ᠠᠷᠠᠰᠤ ᠶᠢ ᠤᠰᠤ ᠠᠯᠳᠠᠭᠳᠠᠭᠤᠯᠵᠤ᠂ ᠡᠯᠢᠬᠡ ᠶᠢ ᠬᠡᠮᠳᠦᠬᠡᠨ᠂ ᠮᠡᠳᠡᠷᠡᠬᠦᠢ ᠶᠢ ᠬᠠᠷᠰᠢᠯᠠᠳᠠᠭ | ᠪᠠᠶᠢᠨ᠎ᠠ᠃ ᠠᠷᠢᠬᠢ ᠨᠢ ᠰᠢᠮ᠎ᠡ ᠳᠡᠵᠢᠬᠡᠯ ᠤᠨ ᠬᠤᠷᠤᠭᠳᠠᠯ ᠢ ᠨᠡᠮᠡᠭᠳᠡᠬᠦᠯᠵᠤ᠂ ᠦᠷᠪᠢᠰᠤᠯ᠂ ᠡᠯᠢᠬᠡᠨ ᠤ ᠬᠡᠮᠳᠤᠯ᠂ | ᠴᠠᠪᠠᠤᠯᠢᠭ ᠤᠭᠤᠷᠠᠭ ᠤᠨ ᠵᠠᠳᠠᠷᠠᠯ ᠢ ᠪᠤᠢ ᠪᠤᠯᠭᠠᠬᠤ ᠶᠢᠨ ᠤᠯᠠᠮ ᠠᠴᠠ ᠦᠳᠡᠯᠬᠦ ᠶᠢ ᠲᠦᠷᠬᠡᠳᠬᠡᠳᠡᠭ᠃ | ᠤᠷᠳᠤ ᠬᠤᠭᠤᠴᠠᠭᠠᠨ ᠤ ᠳᠠᠷᠤᠭᠠᠰᠤ | ᠤᠷᠳᠤ ᠬᠤᠭᠤᠴᠠᠭᠠᠨ ᠤ ᠳᠠᠷᠤᠭᠠᠰᠤ ᠨᠢ ᠬᠦᠮᠦᠨ ᠤ ᠪᠡᠶ᠎ᠡ ᠶᠢᠨ ᠦᠪᠡᠷ ᠢ ᠪᠠᠨ ᠨᠦᠬᠦᠨ ᠰᠡᠯᠪᠢᠬᠦ | ᠴᠢᠳᠠᠪᠤᠷᠢ ᠶᠢ ᠡᠪᠳᠡᠯᠡᠬᠦ ᠶᠢᠨ ᠤᠯᠠᠮ ᠠᠴᠠ ᠦᠳᠡᠯᠬᠦ ᠳᠤ ᠬᠦᠷᠬᠡᠳᠡᠭ᠃ | ᠨᠤᠶᠢᠷ ᠳᠤᠳᠠᠬᠤ | ᠨᠤᠶᠢᠷ ᠳᠤᠳᠠᠬᠤ ᠨᠢ ᠠᠷᠠᠰᠤᠨ ᠤ ᠡᠷᠡᠬᠦᠯ ᠴᠢᠬᠢᠷᠠᠭ ᠢ ᠨᠦᠯᠦᠬᠡᠯᠡᠵᠤ᠂ ᠦᠷᠪᠢᠰᠤᠯ ᠤᠨ ᠳᠤᠰᠬᠠᠯ ᠢ | ᠨᠡᠮᠡᠭᠳᠡᠬᠦᠯᠦᠨ᠂ ᠬᠤᠷᠮᠤᠨ ᠤ ᠳᠡᠩᠴᠡᠬᠦᠷᠢ ᠶᠢ ᠠᠯᠳᠠᠭᠳᠠᠭᠤᠯᠬᠤ ᠶᠢᠨ ᠤᠯᠠᠮ ᠠᠴᠠ ᠮᠡᠳᠡᠷᠡᠬᠦᠢ ᠶᠢ | ᠤᠳᠠᠭᠠᠰᠢᠷᠠᠭᠤᠯᠵᠤ᠂ ᠦᠳᠡᠯᠬᠦ ᠶᠢ ᠲᠦᠷᠬᠡᠳᠬᠡᠳᠡᠭ᠃ ᠵᠦᠢ ᠵᠤᠬᠢᠰᠳᠠᠢ ᠠᠮᠠᠷᠠᠵᠤ ᠠᠮᠰᠬᠢᠬᠤ ᠴᠠᠭ ᠢᠶᠠᠨ | ᠳᠤᠬᠢᠷᠠᠭᠤᠯᠵᠤ᠂ ᠳᠠᠪᠠᠳᠠᠢ ᠳᠤᠬᠠᠳᠠᠢ ᠠᠮᠠᠷᠠᠬᠤ ᠤᠷᠴᠢᠨ ᠢ ᠪᠦᠷᠢᠯᠳᠦᠬᠦᠯᠬᠦ᠂ ᠤᠨᠳᠠᠬᠤ ᠠᠴᠠ ᠡᠮᠤᠨ᠎ᠡ ᠰᠡᠳᠤᠯᠳᠡ | ᠶᠡᠬᠡᠳᠡᠢ ᠡᠮ ᠤᠤᠭᠤᠬᠤ ᠠᠴᠠ ᠵᠠᠶᠢᠯᠠᠰᠬᠢᠬᠤ ᠵᠡᠷᠬᠡ ᠨᠢ ᠨᠤᠶᠢᠷ ᠢ ᠰᠠᠶᠢᠵᠢᠷᠠᠭᠤᠯᠬᠤ ᠳᠤ ᠠᠰᠢᠭᠳᠠᠢ ᠶᠤᠮ᠃ |