ᠮᠣᠭᠠᠢ ᠠᠷᠳᠤ ᠳᠤᠯᠭ᠎ᠠ ᠳᠤᠭᠤᠭ᠎ᠠ
ᠨᠡᠶᠢᠲᠡᠯᠡᠭᠰᠡᠨ ᠴᠠᠭ᠄
2024/12/3
      ᠮᠣᠭᠠᠢ ᠠᠷᠳᠤ ᠳᠤᠯᠭ᠎ᠠ ᠳᠤᠭᠤᠭ᠎ᠠ ᠨᠢ ᠵᠢᠷᠦᠬᠡ ᠶᠢᠨ ᠭᠤᠤᠯ ᠤᠨ ᠰᠤᠶᠤᠯ ᠤᠨ ᠨᠡᠶᠢᠳᠡᠯᠢᠭ ᠵᠢᠱᠢᠶ᠎ᠡ ᠪᠥᠭᠡᠳ ᠢᠯᠡ ᠲᠣᠳᠣ ᠣᠨᠴᠠᠯᠢᠭ ᠲᠠᠢ ᠸᠠᠭᠠᠷᠤᠨ ᠡᠳ᠋ᠯᠡᠯ ᠤᠨ ᠨᠢᠭᠡ ᠪᠠᠶᠢᠵᠤ᠂ ᠬᠠᠶᠢᠷ ᠬᠤᠯᠢᠭᠰᠠᠨ ᠬᠦᠬᠡ ᠸᠠᠭᠠᠷᠤᠨ ᠬᠢᠴᠡᠳᠡᠢ᠂ ᠳᠤᠳᠤᠷ᠎ᠠ ᠪᠠᠨ ᠬᠦᠨᠳᠡᠢ ᠭᠤᠷᠪᠠᠨ ᠬᠦᠯ ᠲᠠᠢ᠂ ᠭᠤᠣᠯᠳᠠᠭᠤ ᠢᠳᠡᠬᠡᠨ ᠤᠮᠳᠠᠭᠠᠨ ᠴᠢᠨᠠᠬᠤ ᠳᠤ ᠬᠡᠷᠡᠭᠯᠡᠳᠡᠭ᠂ ᠵᠢᠵᠢᠭᠬᠡᠨ ᠪᠤᠯᠪᠠᠴᠤ ᠬᠦᠯ ᠨᠢ ᠤᠷᠳᠤ᠂ ᠨᠡᠯᠢᠶᠡᠳ ᠳᠥᠭᠦᠮ ᠠᠮᠢᠳᠤᠷᠠᠯ ᠤᠨ ᠬᠡᠷᠡᠭᠯᠡᠬᠡᠨ ᠤ ᠪᠠᠭᠠᠵᠢ ᠬᠡᠷᠡᠭᠰᠡᠯ ᠪᠣᠯᠤᠨ᠎ᠠ᠃ ᠪᠠᠭᠠᠵᠢ ᠬᠡᠷᠡᠭᠰᠡᠯ ᠤᠨ ᠬᠦᠵᠦᠭᠦᠦ᠂ ᠬᠡᠪᠡᠯᠢ᠂ ᠰᠠᠯᠳᠠᠭ᠎ᠠ ᠳᠤᠨᠢ ᠨᠡᠮᠡᠵᠤ ᠨᠠᠭᠠᠯᠳᠤᠭᠤᠯᠤᠭᠰᠠᠨ ᠨᠠᠷᠢᠬᠠᠨ ᠰᠢᠪᠠᠷ ᠴᠢᠮᠡᠭᠯᠡᠯ ᠨᠢ ᠮᠦᠯᠬᠦᠵᠤ ᠪᠠᠶᠢᠭ᠎ᠠ ᠮᠤᠭᠠᠢ ᠲᠠᠢ ᠠᠳᠠᠯᠢᠬᠠᠨ ᠤᠴᠢᠷ ᠠᠴᠠ ︽ᠮᠤᠭᠠᠢ ᠠᠷᠳᠤ︾ ᠭᠡᠵᠦ ᠨᠡᠷᠡᠯᠡᠵᠡᠢ᠃ ᠮᠤᠭᠠᠢ ᠶᠢᠨ ᠠᠷᠳᠤ ᠳᠤᠯᠭ᠎ᠠ ᠪᠤᠯ ᠵᠢᠷᠦᠬᠡ ᠶᠢᠨ ᠭᠤᠤᠯ ᠤᠨ ᠬᠦᠮᠦᠨ ᠤ ᠡᠪᠦᠭᠡ ᠳᠡᠭᠡᠳᠦᠰ ᠤᠨ ᠤᠷᠲᠤ ᠬᠤᠭᠤᠴᠠᠭᠠᠨ ᠳᠤᠷᠰᠢ ᠸᠠᠭᠠᠷ ᠲᠤᠯᠭ᠎ᠠ ᠦᠢᠯᠡᠳᠬᠦ ᠶᠠᠪᠤᠴᠠ ᠳᠠᠭᠠᠨ ᠸᠠᠭᠠᠷ ᠬᠡᠷᠡᠭᠰᠡᠯ ᠤᠨ ᠠᠩ ᠭᠠᠷᠬᠤ ᠶᠢ ᠰᠡᠷᠬᠡᠶᠢᠯᠡᠬᠦ ᠶᠢᠨ ᠲᠥᠯᠥᠭᠡ ᠡᠬᠦᠳᠦᠭᠰᠡᠨ ᠨᠢᠭᠡ ᠵᠦᠢᠯ ᠤᠨ ᠤᠷᠠᠯᠠᠯ ᠪᠣᠯᠤᠨ᠎ᠠ᠃ ᠸᠠᠭᠠᠷ ᠦᠢᠯᠡᠳᠬᠦ ᠮᠠᠷᠭᠡᠵᠢᠯ ᠤᠨ ᠰᠠᠶᠢᠵᠢᠷᠠᠬᠤ ᠶᠢ ᠲᠠᠭᠠᠯᠲᠤᠨ᠂ ᠡᠶᠢᠮᠦᠷᠭᠦ ᠨᠡᠮᠡᠵᠤ ᠴᠢᠮᠡᠭᠯᠡᠬᠦ ᠬᠡ ᠶᠢᠨ ᠬᠡᠷᠡᠭᠴᠡᠭᠡ ᠲᠠᠰᠤᠷᠠᠯᠲᠠ ᠦᠭᠡᠢ ᠪᠠᠭᠠᠰᠴᠦ᠂ ᠴᠢᠮᠡᠭ ᠤᠭᠠᠯᠵᠠ᠂ ᠪᠡᠯᠬᠡᠳᠡᠯ ᠳᠡᠮᠳᠡᠭ ᠪᠤᠯᠵᠤ ᠬᠤᠪᠢᠷᠠᠵᠠᠢ᠃       ᠮᠣᠭᠠᠢ ᠠᠷᠳᠤ ᠳᠤᠯᠭ᠎ᠠ ᠳᠤᠭᠤᠭ᠎ᠠ ᠨᠢ ᠵᠢᠷᠦᠬᠡ ᠶᠢᠨ ᠭᠤᠤᠯ ᠤᠨ ᠬᠦᠮᠦᠰ ᠤᠨ ᠤᠷᠤᠰᠢᠨ ᠠᠮᠢᠳᠤᠷᠠᠬᠤ ᠣᠷᠴᠢᠨ ᠤ ᠴᠠᠭ ᠠᠭᠤᠷ ᠤᠨ ᠲᠠᠰᠤᠷᠠᠯᠲᠠ ᠦᠭᠡᠢ ᠬᠦᠢᠳᠡᠷᠡᠵᠤ᠂ ᠭᠠᠩ ᠬᠠᠭᠤᠷᠠᠢ ᠪᠤᠯᠤᠭᠰᠠᠨ ᠠᠴᠠ ᠨᠡᠶᠢᠭᠡᠮ ᠤᠨ ᠠᠵᠤ ᠠᠬᠤᠶ ᠨᠢ ᠨᠡᠶᠢᠲᠡᠯᠢᠭ ᠲᠠᠷᠢᠶᠠᠯᠠᠩ ᠠᠵᠤ ᠠᠬᠤᠶ ᠠᠴᠠ ᠬᠠᠭᠠᠰ ᠲᠠᠷᠢᠶᠠᠯᠠᠬᠤ ᠬᠠᠭᠠᠰ ᠮᠠᠯᠵᠢᠬᠤ ᠲᠡᠰᠢ ᠬᠤᠪᠢᠷᠠᠨ᠂ ᠬᠤᠵᠢᠮ ᠨᠢ ᠤᠮᠠᠷᠠᠲᠤ ᠶᠢᠨ ᠨᠡᠭᠦᠳᠡᠯ ᠮᠠᠯᠵᠢᠯ ᠬᠢᠵᠤ ᠪᠠᠶᠢᠭ᠎ᠠ ᠦᠨᠳᠦᠰᠦᠲᠡᠨ ᠤ ᠬᠠᠮᠤᠭ ᠤᠨ ᠳᠤᠷᠠᠲᠠᠶ ᠠᠮᠢᠳᠤᠷᠠᠯ ᠤᠨ ᠬᠡᠷᠡᠭᠰᠡᠯ ᠪᠣᠯᠵᠤ᠂ ᠡᠷᠲᠡ ᠦᠶ᠎ᠡ ᠶᠢᠨ ᠨᠡᠭᠦᠳᠡᠯ ᠰᠣᠶᠣᠯ ᠤᠨ ᠪᠡᠯᠬᠡᠳᠡᠯ ᠤᠨ ᠨᠢᠬᠡ ᠨᠢ ᠪᠤᠯᠤᠭᠰᠠᠨ ᠪᠠᠶᠢᠨ᠎ᠠ᠃   
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ