ᠠᠮᠠᠷᠬᠠᠨ ᠳᠠᠭᠠᠷᠠᠳᠠᠭ ᠬᠦᠮᠦᠰ ᠲᠤ ᠬᠦᠷᠬᠡᠬᠦ ᠵᠦᠪᠯᠡᠮᠵᠢ
ᠨᠡᠶᠢᠲᠡᠯᠡᠭᠰᠡᠨ ᠴᠠᠭ᠄
2024/12/3
      ᠠᠭᠤᠷ ᠠᠮᠢᠰᠬᠤᠯ ᠬᠦᠢᠳᠡᠷᠡᠬᠦ ᠪᠠᠷ ᠡᠮᠡᠭᠳᠡᠶᠢᠴᠤᠳ ᠪᠤᠶᠤ ᠨᠠᠰᠤᠳᠠᠶᠢᠴᠤᠳ ᠶᠡᠷᠦᠨᠢ ᠠᠮᠠᠷᠬᠠᠨ ᠳᠠᠭᠠᠷᠠᠳᠠᠭ᠃ ᠡᠳᠡᠭᠡᠷ ᠬᠦᠮᠦᠰ ᠲᠤ ᠪᠠᠨ ᠳᠠᠭᠠᠷᠠᠬᠤ ᠠᠴᠠ ᠰᠡᠷᠬᠡᠶᠢᠯᠡᠬᠦ ᠬᠡᠳᠤᠨ ᠠᠷᠭ᠎ᠠ ᠶᠢ ᠳᠠᠨᠢᠯᠴᠠᠭᠤᠯᠤᠶ᠎ᠠ᠃      1. ᠡᠳᠤᠷ ᠪᠦᠷᠢ ᠵᠤᠬᠢᠬᠤ ᠬᠡᠮᠵᠢᠶ᠎ᠡ ᠤ ᠪᠡᠶ᠎ᠡ ᠶᠢᠨ ᠳᠠᠮᠢᠷ ᠤᠨ ᠬᠦᠳᠡᠯᠬᠡᠬᠡᠨ ᠬᠢᠬᠦ ᠶᠢ ᠪᠠᠷᠢᠮᠳᠠᠯᠠᠵᠤ᠂ ᠪᠤᠯᠴᠢᠩ ᠤᠨ ᠬᠦᠳᠡᠯᠬᠡᠬᠡᠨ ᠢᠶᠠᠷ ᠳᠠᠮᠵᠢᠨ ᠪᠡᠶ᠎ᠡ ᠮᠠᠬᠠᠪᠤᠳ ᠢᠶᠠᠨ ᠬᠠᠯᠠᠭᠤᠨ ᠪᠦᠯᠢᠶᠡᠨ ᠰᠡᠷᠡᠭᠳᠡᠯ ᠲᠠᠢ ᠪᠤᠯᠭᠠᠨ᠎ᠠ᠃      2. ᠪᠡᠯᠴᠢᠷ ᠤᠨ ᠢᠯᠢᠯᠬᠡ ᠬᠢᠨ᠎ᠡ᠃ ᠭᠠᠷ ᠤᠨ ᠠᠯᠠᠭᠠᠨ ᠳᠤ ᠤᠯᠠᠨ ᠪᠠᠯᠴᠢᠷ ᠲᠠᠢ ᠪᠠᠶᠢᠳᠠᠭ᠃ ᠪᠢᠳᠠ ᠳᠠᠭᠠᠷᠠᠳᠠᠰᠤ ᠬᠦᠷᠬᠦ ᠳᠤ ᠪᠠᠨ ᠬᠤᠶᠠᠷ ᠠᠯᠠᠭ᠎ᠠ ᠪᠠᠨ ᠬᠠᠪᠰᠤᠷᠤᠨ ᠢᠯᠢᠵᠤ᠂ ᠴᠢᠰᠤᠨ ᠤ ᠡᠷᠬᠢᠯᠳᠡ ᠪᠠᠨ ᠰᠠᠶᠢᠵᠢᠷᠠᠭᠤᠯᠵᠤ ᠪᠤᠯᠤᠨ᠎ᠠ᠃      3. ᠬᠠᠯᠠᠭᠤᠨ ᠳᠠᠪᠤᠰᠤᠨ ᠵᠢᠩ ᠳᠠᠯᠪᠢᠨ᠎ᠠ᠃ ᠰᠦᠢᠬ᠎ᠠ ᠶᠢᠨ ᠨᠠᠪᠴᠢ᠂ ᠭᠠᠪᠢᠷ᠎ᠠ ᠶᠢᠨ ᠨᠠᠮᠠᠭ᠎ᠠ᠂ ᠬᠤᠸᠠᠵᠤᠤ  ᠶᠢ ᠪᠦᠳᠦᠬᠦᠯᠢᠭ ᠳᠠᠪᠤᠰᠤ ᠲᠠᠢ ᠨᠡᠶᠢᠯᠡᠬᠦᠯᠦᠨ ᠪᠦᠰ ᠢᠶᠠᠷ ᠪᠠᠭᠯᠠᠨ ᠬᠠᠯᠠᠭᠤᠯᠤᠭᠰᠠᠨ ᠤ ᠳᠠᠷᠠᠭ᠎ᠠ ᠬᠦᠵᠦᠬᠦᠦ ᠰᠡᠬᠡᠷ  ᠤᠨ ᠬᠡᠰᠡᠭ᠂ ᠬᠡᠪᠡᠯᠢ ᠶᠢᠨ ᠬᠡᠰᠡᠭ ᠲᠤ ᠪᠠᠨ ᠦᠷᠬᠦᠯᠵᠢ ᠵᠢᠩ ᠳᠠᠯᠪᠢᠪᠠᠯ ᠰᠠᠶᠢᠨ ᠪᠠᠶᠢᠳᠠᠭ᠃      4. ᠡᠳᠤᠷ ᠪᠤᠯᠭᠠᠨ ᠪᠦᠯᠢᠶᠡᠨ ᠤᠰᠤᠨ ᠳᠤ ᠬᠦᠯ ᠢᠶᠠᠨ ᠳᠡᠪᠳᠤᠬᠡᠬᠦ ᠳᠠᠳᠬᠠᠯ ᠢ ᠪᠤᠢ ᠪᠤᠯᠭᠠᠨ᠎ᠠ᠃ ᠤᠰᠤᠨ  ᠤ ᠬᠠᠯᠠᠭᠤᠨ ᠢ 40  ~ 42 ᠭᠷᠠᠳᠦ᠋ᠰ ᠪᠠᠶᠢᠯᠭᠠᠵᠤ᠂ ᠬᠦᠯ ᠢᠶᠠᠨ ᠳᠡᠪᠳᠦᠬᠡᠬᠦ ᠴᠠᠭ ᠢ 15 ᠮᠢᠨᠦ᠋ᠲ ᠠᠴᠠ ᠬᠡᠳᠤᠷᠡᠬᠦᠯᠬᠦ ᠦᠬᠡᠢ ᠪᠤᠯ ᠵᠤᠬᠢᠨ᠎ᠠ᠃
ᠢᠷᠡᠯᠲᠡ᠄ NMTV ᠰᠤᠶᠤᠯ