| ︽5.4︾ ᠤ ᠬᠦᠳᠡᠯᠬᠡᠬᠡᠨ ᠤ ᠲᠠᠷᠠᠭ᠎ᠠ᠂ ᠱᠧᠨ ᠶᠠᠨ ᠫᠢᠩ ᠮᠠᠷᠺᠰ ᠤᠨ ᠦᠵᠡᠯ ᠲᠠᠢ ᠡᠬᠢᠯᠡᠨ ᠤᠶᠢᠷᠠᠳᠴᠦ᠂ ᠴᠧᠨ ᠳ᠋ᠦ᠋ ᠰᠢᠦ ᠲᠠᠢ ᠲᠠᠨᠢᠯᠴᠠᠵᠤ᠂ | ᠲᠠᠷᠠᠴᠢᠯᠡᠨ ︽ᠰᠢᠨ᠎ᠠ ᠵᠠᠯᠠᠭᠤᠴᠤᠳ︾ ᠰᠡᠳᠬᠦᠯ ᠲᠡᠬᠡᠷ᠎ᠡ ᠡᠬᠡ ᠪᠢᠴᠢᠭ ᠨᠡᠶᠢᠳᠡᠯᠡᠪᠠ᠃ 1920 ᠤᠨ ᠳᠤ᠂ ᠲᠡᠷᠡ ᠱᠠᠩᠬᠠᠢ ᠶᠢᠨ ᠡᠪ ᠬᠠᠮᠳᠤ ᠶᠢᠨ ᠨᠠᠮ ᠤᠨ | ᠡᠬᠢᠨ ᠤ ᠦᠶ᠎ᠠ ᠶᠢᠨ ᠵᠤᠬᠢᠶᠠᠨ ᠪᠠᠶᠢᠭᠤᠯᠤᠯᠳᠠ ᠳᠤ ᠤᠷᠤᠵᠤ᠂ ᠶᠡᠭᠡ ᠬᠡᠮᠵᠢᠶᠠᠨ ᠤ ᠠᠵᠢᠯ ᠬᠢᠵᠡᠢ᠃ | 1921 ᠤᠨ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠵᠢᠩᠬᠢᠨᠢ ᠪᠠᠷ ᠪᠠᠶᠢᠭᠤᠯᠤᠭᠳᠠᠵᠤ᠂ ᠱᠧᠨ ᠶᠠᠨ ᠪᠢᠩ ᠢ ᠪᠠᠭᠳᠠᠭᠠᠭᠰᠡᠨ ᠡᠯ᠎ᠡ ᠭᠠᠵᠡᠷ ᠤᠨ | ᠡᠬᠢᠨ ᠤ ᠦᠶ᠎ᠠ ᠶᠢᠨ ᠨᠠᠮ ᠤᠨ ᠵᠤᠬᠢᠶᠠᠨ ᠪᠠᠶᠢᠭᠤᠯᠤᠯᠳᠠ ᠶᠢᠨ ᠪᠦᠷᠢᠯᠳᠦᠬᠦᠨ ᠤᠷᠤᠭᠰᠢᠳᠠᠢ ᠪᠠᠷ ᠵᠢᠩᠬᠢᠨᠢ ᠨᠠᠮ ᠤᠨ ᠬᠡᠰᠢᠬᠦᠨ ᠪᠤᠯᠪᠠ᠃ ᠡᠬᠢᠨ ᠳᠡᠭᠡᠨ᠂ ᠨᠠᠮ ᠤᠨ | ᠡᠯ᠎ᠡ ᠵᠤᠶᠢᠯ ᠤᠨ ᠠᠵᠢᠯ ᠨᠢᠭᠤᠴᠠ ᠪᠠᠶᠢᠳᠠᠯ ᠳᠤ ᠪᠠᠶᠢᠵᠤ᠂ ᠱᠧᠩ ᠶᠠᠨ ᠪᠢᠩ ᠠᠵᠢᠯ ᠤᠨ ᠤᠷᠴᠢᠨ ᠲᠤᠭᠤᠷᠢᠨ ᠢᠶᠠᠷ ᠢᠶᠠᠨ ᠬᠠᠯᠬᠠᠪᠴᠢ ᠪᠤᠯᠭᠠᠨ ᠰᠢᠭᠤᠳ | ᠬᠠᠷᠢᠶ᠎ᠠ ᠲᠦᠪ ᠬᠤᠷᠢᠶᠠᠨ ᠤ ᠬᠤᠯᠪᠤᠭᠠᠴᠢᠨ ᠤ ᠲᠤᠰᠢᠶᠠᠯ ᠢ ᠡᠬᠦᠷᠬᠡᠯᠡᠵᠤ᠂ ᠨᠠᠮ ᠤᠨ ᠲᠤᠳᠤᠭᠠᠳᠤ ᠶᠢᠨ ᠴᠢᠮᠡᠭᠡ ᠬᠤᠯᠪᠤᠭᠠᠨ ᠤ ᠠᠵᠢᠯ ᠢ ᠦᠷᠨᠢᠬᠦᠯᠦᠭᠰᠡᠨ | ᠪᠦᠬᠡᠳ ᠨᠠᠮ ᠤᠨ ᠡᠷᠬᠢᠯᠡᠭᠰᠡᠨ ᠰᠤᠷᠭᠠᠭᠤᠯᠢ ᠳᠤ ᠵᠢᠭᠠᠨ ᠰᠤᠷᠭᠠᠬᠤ ᠡᠬᠦᠷᠬᠡ ᠶᠢ ᠡᠬᠦᠷᠬᠡᠯᠡᠵᠤ᠂ ᠱᠠᠩᠬᠠᠢ ᠶᠢᠨ ᠠᠵᠢᠯ ᠬᠠᠶᠠᠯᠳᠠ ᠶᠢᠨ ᠬᠦᠳᠡᠯᠬᠡᠬᠡᠨ ᠢ | ᠤᠳᠤᠷᠢᠳᠴᠦ᠂ ᠤᠷᠤᠯᠴᠠᠵᠤ᠂ ᠮᠡᠳᠡᠬᠡᠯᠡᠪᠠ᠃ | ᠶᠡᠭᠡ ᠬᠤᠪᠢᠰᠬᠠᠯ ᠤᠨ ᠬᠤᠭᠤᠴᠠᠭᠠᠨ ᠳᠤ᠂ ᠪᠠᠶᠢᠳᠠᠯ ᠤᠨ ᠠᠬᠢᠴᠠ ᠪᠤᠯᠤᠨ ᠨᠠᠮ ᠤᠨ ᠠᠵᠢᠯ ᠤᠨ ᠬᠡᠷᠡᠭᠴᠡᠭᠡ ᠪᠠᠷ᠂ ᠱᠧᠨ ᠶᠠᠨ ᠪᠢᠩ ᠨᠠᠮ ᠤᠨ ᠵᠤᠬᠢᠶᠠᠨ | ᠪᠠᠶᠢᠭᠤᠯᠤᠯᠳᠠ ᠶᠢᠨ ᠲᠤᠮᠢᠯᠠᠯᠳᠠ ᠪᠠᠷ᠂ ᠡᠯ᠎ᠡ ᠭᠠᠵᠡᠷ ᠢᠶᠠᠷ ᠶᠠᠪᠤᠵᠤ ᠪᠠᠶᠢᠪᠠ᠃ ᠶᠡᠭᠡ ᠬᠤᠪᠢᠰᠬᠠᠯ ᠢᠯᠠᠭᠳᠠᠭᠰᠡᠨ ᠤ ᠲᠠᠷᠠᠭ᠎ᠠ᠂ ᠬᠤᠪᠢᠰᠬᠠᠯ ᠤᠷᠤᠭᠤᠳᠠᠯ ᠳᠤ | ᠤᠷᠤᠵᠤ᠂ ᠱᠧᠨ ᠶᠠᠨ ᠪᠢᠩ ᠠᠷᠭ᠎ᠠ ᠪᠤᠰᠤ ᠨᠢᠭᠤᠨ ᠰᠠᠭᠤᠵᠤ ᠲᠡᠨᠦᠬᠦᠴᠢᠯᠡᠬᠦ ᠠᠮᠢᠳᠤᠷᠠᠯ ᠢᠶᠠᠨ ᠡᠬᠢᠯᠡᠬᠦᠯᠵᠡᠢ᠃ ᠤᠯᠤᠰ ᠤᠨ ᠲᠤᠳᠤᠭᠠᠳᠤ ᠶᠢᠨ ᠪᠠᠴᠢᠮ ᠪᠠᠶᠢᠳᠠᠯ | ᠪᠤᠯᠤᠨ ᠨᠠᠷᠢᠨ ᠪᠤᠳᠤᠯᠢᠶᠠᠨᠳᠠᠢ ᠨᠡᠶᠢᠬᠡᠮ ᠤᠨ ᠪᠠᠶᠢᠳᠠᠯ ᠨᠢ ᠲᠡᠬᠦᠨ ᠤ ᠨᠠᠮ ᠤᠨ ᠵᠤᠬᠢᠶᠠᠨ ᠪᠠᠶᠢᠭᠤᠯᠤᠯᠳᠠ ᠯᠤᠭ᠎ᠠ ᠶᠢᠨ ᠬᠠᠷᠢᠴᠠᠭ᠎ᠠ ᠶᠢ ᠠᠭᠠᠵᠢᠮ ᠢᠶᠠᠷ ᠠᠯᠳᠠᠭᠤᠯᠪᠠ᠃ | ᠤᠶᠢᠳᠬᠠᠷᠯᠠᠨ ᠡᠷᠡᠬᠡᠯᠵᠡᠬᠦ ᠦᠶ᠎ᠠ ᠳᠤ᠂ ᠱᠧᠨ ᠶᠠᠨ ᠪᠢᠩ ᠭᠠᠷ ᠲᠠᠬᠢ ᠪᠢᠷ ᠢᠶᠠᠨ ᠠᠳᠬᠤᠨ ᠨᠠᠮ ᠤᠨ ᠤᠶᠢᠯᠡᠰ ᠤᠨ ᠲᠦᠯᠦᠬᠡ ᠦᠷᠬᠦᠯᠵᠢᠯᠡᠨ ᠲᠡᠮᠡᠴᠡᠬᠦ ᠪᠠᠷ | ᠵᠤᠷᠢᠭ ᠰᠢᠭᠤᠳᠴᠦ᠂ ᠤᠳᠬ᠎ᠠ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠠᠶᠠᠨ ᠵᠠᠮ ᠳᠠᠭᠠᠨ ᠮᠤᠷᠳᠠᠯ᠎ᠠ᠃ ᠱᠠᠩᠬᠠᠢ ᠳᠤ ᠨᠢᠭᠤᠨ ᠰᠠᠭᠤᠵᠤ ᠪᠠᠶᠢᠭᠰᠡᠨ | ᠬᠤᠭᠤᠴᠠᠭᠠᠨ ᠳᠠᠭᠠᠨ᠂ ᠲᠡᠷᠡ ᠶᠡᠭᠡ ᠬᠤᠪᠢᠰᠬᠠᠯ ᠤᠨ ᠦᠶ᠎ᠠ ᠪᠠᠷ ᠠᠷᠦ ᠦᠵᠡᠭᠳᠠᠯ ᠪᠤᠯᠭᠠᠭᠰᠡᠨ ᠠᠩᠬᠠᠳᠠᠭᠴᠢ ᠦᠬᠦᠯᠡᠯᠬᠡ ︽ᠵᠡᠬᠦᠳᠤ ᠵᠡᠷᠬᠡᠯᠬᠡᠨ︾ ᠢᠶᠠᠨ | ᠪᠢᠴᠢᠪᠠ᠃ 1928 ᠤᠨ ᠳᠤ ᠶᠠᠫᠦᠨ ᠳᠤ ᠲᠡᠨᠦᠬᠦᠴᠢᠯᠡᠵᠤ ᠪᠠᠶᠢᠭ᠎ᠠ ᠦᠶ᠎ᠠ ᠳᠡᠭᠡᠨ ᠬᠤᠪᠢᠰᠬᠠᠯ ᠤᠨ ᠢᠷᠡᠬᠡᠳᠦᠢ ᠳᠤ ᠢᠳᠡᠬᠡᠯ ᠪᠢᠰᠢᠷᠡᠯ ᠢᠶᠠᠨ ᠨᠡᠶᠢᠳᠠᠭᠰᠡᠨ ᠷᠤᠮᠠᠨ | ︽ᠰᠤᠯᠤᠩᠭ᠎ᠠ︾ ᠪᠠᠨ ᠵᠤᠬᠢᠶᠠᠪᠠ᠃ 1930 ᠤᠨ ᠳᠤ ᠱᠠᠩᠬᠠᠢ ᠳᠤ ᠪᠤᠴᠠᠭᠰᠡᠨ ᠤ ᠲᠠᠷᠠᠭ᠎ᠠ᠂ ᠭᠤᠴᠢᠭᠠᠳ ᠤᠨ ᠤ ᠦᠶ᠎ᠠ ᠶᠢᠨ ᠤᠯᠤᠰ ᠤᠨ ᠲᠤᠳᠤᠭᠠᠳᠤ | ᠶᠢᠨ ᠨᠡᠶᠢᠬᠡᠮ ᠤᠨ ᠪᠤᠳᠠᠳᠤ ᠪᠠᠶᠢᠳᠠᠯ ᠢ ᠲᠤᠰᠬᠠᠭᠰᠡᠨ ᠠᠪᠤᠷᠭᠤ ᠪᠦᠳᠦᠬᠡᠯ ︽ᠰᠦᠨᠢ ᠲᠦᠯᠢ︾ ᠪᠠᠨ ᠪᠢᠴᠢᠵᠤ ᠲᠠᠭᠤᠰᠬᠠᠪᠠ᠃ ᠶᠠᠫᠦᠨ ᠢ ᠡᠰᠡᠷᠬᠦᠴᠡᠬᠦ ᠲᠠᠶᠢᠨ ᠤ | ᠬᠤᠭᠤᠴᠠᠭᠠᠨ ᠳᠤ᠂ ᠦᠷᠬᠦᠯᠵᠢᠯᠡᠨ ᠶᠡᠭᠡ ᠬᠡᠮᠵᠢᠶᠠᠨ ᠤ ᠭᠤᠮᠢᠨᠳᠠᠩ ᠤᠨ ᠲᠡᠷᠰᠯᠡᠬᠦᠦ ᠮᠦᠨ ᠴᠢᠨᠠᠷ ᠢ ᠢᠯᠡᠷᠡᠬᠦᠯᠵᠤ᠂ ᠠᠷᠠᠳ ᠲᠦᠮᠡᠨ ᠤ ᠶᠠᠫᠦᠨ ᠢ ᠡᠰᠡᠷᠬᠦᠴᠡᠬᠦ | ᠲᠡᠮᠡᠴᠡᠯ ᠢ ᠮᠠᠭᠳᠠᠨ ᠲᠠᠭᠤᠯᠤᠭᠰᠡᠨ ᠬᠤᠪᠢᠰᠬᠠᠯᠳᠤ ᠪᠦᠳᠦᠬᠡᠯ ᠢ ᠵᠤᠬᠢᠶᠠᠨ ᠪᠦᠳᠦᠬᠡᠪᠠ᠃ ᠴᠢᠯᠦᠬᠡᠯᠡᠬᠦ ᠲᠠᠶᠢᠨ ᠤ ᠦᠶ᠎ᠠ ᠠᠴᠠ ᠡᠬᠢᠯᠡᠨ᠂ ᠱᠧᠨ ᠶᠠᠨ ᠪᠢᠩ | ᠤᠳᠬ᠎ᠠ ᠵᠤᠬᠢᠶᠠᠯ ᠤᠨ ᠵᠤᠬᠢᠶᠠᠨ ᠪᠦᠳᠦᠬᠡᠯᠬᠡ ᠠᠴᠠ ᠪᠠᠨ ᠭᠠᠳᠠᠭᠠᠳᠤ ᠯᠤᠭ᠎ᠠ ᠶᠢᠨ ᠰᠤᠶᠤᠯ ᠤᠨ ᠰᠤᠯᠢᠯᠴᠠᠭ᠎ᠠ᠂ ᠤᠯᠤᠰ ᠤᠨ ᠰᠤᠶᠤᠯ ᠤᠨ ᠪᠠᠶᠢᠭᠤᠯᠤᠯᠳᠠ ᠳᠤ | ᠰᠢᠯᠵᠢᠭᠰᠡᠨ ᠪᠦᠬᠡᠳ ᠰᠢᠨ᠎ᠠ ᠲᠤᠮᠳᠠᠳᠤ ᠤᠯᠤᠰ ᠪᠠᠶᠢᠭᠤᠯᠤᠭᠳᠠᠭᠰᠡᠨ ᠤ ᠲᠠᠷᠠᠭ᠎ᠠ ᠰᠤᠶᠤᠯ ᠤᠨ ᠶᠠᠮᠦᠨ ᠤ ᠰᠠᠶᠢᠳ ᠤᠨ ᠲᠤᠰᠢᠶᠠᠯ ᠢ ᠡᠬᠦᠷᠬᠡᠯᠡᠵᠤ᠂ ᠨᠡᠶᠢᠬᠡᠮ | ᠵᠢᠷᠤᠮ ᠤᠨ ᠰᠤᠶᠤᠯ ᠤᠨ ᠤᠶᠢᠯᠡᠰ ᠲᠤ ᠤᠷᠤᠯᠴᠠᠪᠠ᠃ | 1981 ᠤᠨ ᠳᠤ᠂ ᠱᠧᠨ ᠶᠠᠨ ᠪᠢᠩ ᠡᠪᠡᠳᠴᠢᠳᠡᠨ ᠤ ᠤᠷᠤ ᠲᠠᠬᠡᠷ᠎ᠡ ᠲᠦᠪ ᠬᠤᠷᠢᠶ᠎ᠠ ᠳᠤ ᠵᠠᠬᠢᠳᠠᠯ ᠪᠢᠴᠢᠵᠤ᠂ ᠨᠠᠮ ᠤᠨ ᠬᠠᠷᠢᠶ᠎ᠠ ᠶᠢ ᠰᠡᠷᠬᠦᠬᠡᠬᠦ ᠬᠦᠰᠡᠯ | ᠢᠶᠠᠨ ᠢᠯᠡᠳᠬᠡᠪᠠ᠃ ᠡᠨᠡ ᠵᠠᠬᠢᠳᠠᠯ ᠢ ᠲᠡᠷᠡ ᠠᠮᠠ ᠪᠠᠷ ᠢᠶᠠᠨ ᠬᠡᠯᠡᠵᠤ᠂ ᠲᠡᠬᠦᠨ ᠤ ᠬᠦᠦ ᠨᠢ ᠤᠷᠤᠯᠠᠨ ᠪᠢᠴᠢᠵᠤ᠂ ᠲᠡᠷᠡ ᠦᠪᠡᠷ ᠢᠶᠠᠨ ᠭᠠᠷ ᠤᠨ ᠦᠰᠦᠭ | ᠵᠢᠷᠤᠪᠠ᠃ ᠡᠨᠡ ᠬᠦ ᠵᠠᠬᠢᠳᠠᠯ ᠢ ᠪᠢᠴᠢᠭᠰᠡᠨ ᠤ ᠲᠠᠷᠠᠭ᠎ᠠ᠂ ᠱᠧᠨ ᠶᠠᠨ ᠪᠢᠩ᠄ ︽ᠪᠢ ᠦᠬᠦᠴᠢᠬᠡᠪᠡᠯ ᠶᠠᠭᠤ ᠪᠤᠯᠤᠭᠰᠡᠨ ᠢ ᠴᠦ ᠮᠡᠳᠡᠬᠦ ᠦᠬᠡᠢ ᠪᠤᠯᠤᠨ᠎ᠠ᠂ ᠬᠡᠷᠪᠠ | ᠲᠡᠷᠡ ᠦᠶᠡᠰ ᠲᠤ ᠨᠡᠬᠡᠮᠵᠢᠯᠡᠨ ᠵᠦᠪᠰᠢᠶᠡᠷᠡᠭᠰᠡᠨ ᠪᠤᠯ ᠮᠢᠨᠦ ᠨᠢᠬᠡ ᠨᠠᠰᠤᠨ ᠤ ᠢᠷᠠᠭᠤ ᠠᠯᠳᠠᠷ ᠪᠤᠯᠬᠤ ᠶᠤᠮ︾ ᠬᠡᠪᠠ᠃ 3 ᠰᠠᠷ᠎ᠠ ᠶᠢᠨ 27 ᠤ ᠡᠳᠦᠷ᠂ ᠡᠨᠡ ᠬᠦ | ᠤᠳᠬ᠎ᠠ ᠵᠤᠬᠢᠶᠠᠯ ᠤᠨ ᠲᠠᠪᠴᠠᠩ ᠤᠨ ᠠᠪᠤᠷᠭᠤ ᠤᠳᠤᠨ ᠦᠨᠢᠳᠠ ᠬᠠᠯᠢᠵᠠᠢ᠃ 3 ᠰᠠᠷ᠎ᠠ ᠶᠢᠨ 31 ᠤ ᠡᠳᠦᠷ᠂ ᠨᠠᠮ ᠤᠨ ᠲᠦᠪ ᠬᠤᠷᠢᠶ᠎ᠠ ︽ᠱᠧᠨ ᠶᠠᠨ ᠪᠢᠩ | ᠤᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠬᠠᠷᠢᠶ᠎ᠠ ᠶᠢ ᠰᠡᠷᠬᠦᠬᠡᠵᠤ᠂ ᠨᠠᠮ ᠳᠤ ᠤᠷᠤᠭᠰᠡᠨ ᠵᠢᠯ ᠢ 1921 ᠤᠨ ᠠᠴᠠ ᠡᠬᠢᠯᠡᠵᠤ ᠪᠤᠳᠤᠨ᠎ᠠ︾ ᠬᠡᠰᠡᠨ | ᠲᠤᠭᠳᠠᠭᠠᠯ ᠭᠠᠷᠭᠠᠪᠠ᠃ | ᠱᠧᠨ ᠶᠠᠨ ᠪᠢᠩ ᠨᠠᠮ ᠤᠨ ᠡᠬᠢᠨ ᠤ ᠦᠶ᠎ᠠ ᠶᠢᠨ ᠬᠦᠴᠢᠷᠳᠡᠯᠳᠠᠢ ᠦᠶ᠎ᠠ ᠳᠤ ᠨᠠᠮ ᠳᠤ ᠤᠷᠤᠭᠰᠡᠨ ᠪᠦᠬᠡᠳ ᠨᠠᠮ ᠲᠠᠢ ᠬᠠᠮᠳᠤ ᠬᠦᠴᠢᠷ ᠪᠡᠷᠬᠡᠰᠢᠶᠠᠯ ᠢ | ᠲᠤᠭᠤᠯᠵᠤ᠂ ᠨᠠᠮ ᠤᠨ ᠵᠤᠬᠢᠶᠠᠨ ᠪᠠᠶᠢᠭᠤᠯᠤᠯᠳᠠ ᠲᠠᠢ ᠬᠠᠷᠢᠯᠴᠠᠭ᠎ᠠ ᠲᠠᠰᠤᠷᠠᠭᠰᠡᠨ ᠴᠦ ᠦᠪᠡᠷ ᠤᠨ ᠤᠬᠠᠮᠰᠡᠷ ᠠᠴᠠ ᠪᠠᠨ ᠬᠤᠪᠢᠰᠬᠠᠯ ᠤᠨ ︽ᠬᠡᠩᠬᠡᠷᠬᠡᠴᠢᠨ︾ | ᠪᠠ ︽ᠪᠦᠷᠢᠶ᠎ᠠ︾ ᠪᠤᠯᠪᠠ᠃ ᠨᠠᠮ ᠢᠯᠡᠯᠳᠠ ᠤᠯᠤᠭᠰᠠᠨ ᠤ ᠲᠠᠷᠠᠭ᠎ᠠ ᠦᠷᠬᠦᠯᠵᠢᠯᠡᠨ ᠨᠠᠮ ᠤᠨ ᠲᠦᠯᠦᠬᠡ ᠵᠢᠳᠬᠦᠵᠤ᠂ ᠨᠠᠰᠤ ᠪᠠᠷᠠᠬᠤ ᠠᠴᠠ ᠡᠮᠦᠨ᠎ᠠ ᠨᠠᠮ ᠳᠠᠭᠠᠨ | ᠪᠤᠴᠠᠵᠤ ᠢᠷᠡᠬᠦ ᠶᠢ ᠬᠦᠰᠡᠨ ᠬᠦᠯᠢᠶᠠᠵᠤ ᠪᠠᠶᠢᠨ᠎ᠠ᠃ ᠲᠡᠬᠦᠨ ᠤ ᠬᠦᠰᠡᠯᠡᠩ ᠢᠳᠡᠬᠡᠯ ᠵᠤᠷᠢᠭ ᠤᠨ ᠲᠤᠬᠠᠢ ᠬᠦᠬᠡᠬᠡᠴᠡᠯᠳᠤᠯ ᠨᠢ ᠡᠷᠡᠰ ᠪᠠᠳᠤ ᠪᠠᠷᠢᠮᠳᠠᠯᠠᠯ ᠪᠤᠯ ᠶᠠᠭᠤ | ᠬᠡᠳᠡᠭ ᠢ ᠬᠦᠢᠴᠡᠳ ᠢᠯᠡᠷᠡᠬᠦᠯᠵᠡᠢ᠃ |