ᠳᠤᠭᠤᠷᠠᠭ ᠡᠪᠡᠷᠳᠤ ᠬᠡᠪᠳᠡᠭᠡ ᠬᠤᠨᠢᠨ ᠤ ᠲᠦᠷᠰᠤᠳᠤ ᠠᠯᠳᠠ ᠪᠠᠷ ᠦᠩᠬᠡᠯᠡᠭᠰᠡᠨ ᠪᠦᠰᠡ ᠶᠢᠨ ᠳᠠᠮᠤᠷ ᠵᠠᠰᠠᠯ
ᠨᠡᠶᠢᠲᠡᠯᠡᠭᠰᠡᠨ ᠴᠠᠭ᠄
2024/12/17
      1979 ᠣᠨ ᠳᠤ ᠵᠡᠭᠦᠨᠭᠠᠷ ᠬᠤᠰᠢᠭᠤᠨ ᠤ ᠰᠢ ᠭᠧᠦ ᠫᠠᠨ ᠲᠣᠰᠬᠤᠨ ᠤ ᠬᠠᠨ ᠤᠯᠤᠰ ᠤᠨ ᠦᠶ᠎ᠡ ᠶᠢᠨ ᠤᠩᠭᠤᠨ ᠠᠴᠠ ᠤᠯᠵᠤ᠂  ᠬᠤᠶᠠᠷ ᠬᠤᠶᠠᠷ ᠢᠶᠠᠷ ᠬᠤᠤᠰᠯᠠᠭᠰᠠᠨ ᠲᠦᠷᠪᠡᠨ ᠪᠦᠰᠡᠨ ᠤ ᠴᠢᠮᠡᠭᠯᠡᠯ ᠪᠠ ᠪᠦᠰᠡᠨ ᠤ ᠭᠤᠷᠬᠢ ᠪᠠᠶᠢᠵᠤ᠂ ᠪᠦᠰᠡ ᠶᠢ ᠴᠢᠮᠡᠭᠯᠡᠬᠦ ᠪᠤᠶᠤ ᠳᠡᠪᠡᠬᠡᠯᠡᠬᠦ ᠦᠢᠯᠡᠳᠦᠯ ᠲᠠᠢ ᠪᠠᠶᠢᠳᠠᠭ᠃ ᠪᠦᠰᠡᠨ ᠤ ᠴᠢᠮᠡᠭᠯᠡᠯ ᠨᠢ ᠬᠦᠳᠦᠬᠦᠷ ᠰᠡᠶᠢᠯᠦᠮᠡᠯ ᠪᠤᠯᠤᠨ ᠳᠤᠭᠤᠷᠢᠭ ᠰᠡᠶᠢᠯᠦᠮᠡᠯ ᠤᠨ ᠠᠷᠭ᠎ᠠ ᠶᠢ ᠤᠶᠠᠯᠳᠤᠭᠤᠯᠤᠭᠰᠠᠨ ᠳᠦᠷᠰᠦ ᠪᠦᠲᠦᠭᠡᠯᠲᠡ ᠶᠢᠨ ᠮᠡᠷᠭᠡᠵᠢᠯ ᠢ ᠬᠡᠷᠡᠭᠯᠡᠵᠦ᠂ ᠠᠯᠲᠠᠨ ᠢᠯᠳᠠᠰᠤ ᠪᠠᠷ ᠳᠤᠭᠤᠷᠠᠭ ᠡᠪᠡᠷᠳᠤ ᠬᠡᠪᠳᠡᠭᠡ ᠬᠤᠨᠢᠨ ᠤ ᠬᠡᠯᠪᠡᠷᠢᠲᠡᠢ ᠬᠡ ᠤᠭᠠᠯᠵᠠ ᠶᠢ ᠤᠷᠠᠯᠠᠵᠠᠢ᠃ ᠬᠤᠨᠢ ᠨᠢ ᠲᠠᠶᠢᠪᠤᠭᠤᠬᠠᠨ ᠬᠡᠪᠲᠡᠵᠦ᠂ ᠴᠢᠬᠡ ᠡᠮᠦᠨᠡᠰᠢ ᠰᠢᠷᠲᠡᠨ᠂ ᠳᠤᠭᠤᠷᠠᠭ ᠡᠪᠡᠷ ᠨᠢ ᠲᠣᠯᠣᠭᠠᠢ ᠶᠢᠨ ᠬᠤᠶᠠᠷ ᠲᠠᠯ᠎ᠠ ᠳᠤ ᠨᠠᠭᠠᠯᠳᠤᠵᠤ᠂ ᠡᠪᠡᠷ ᠤᠨ ᠦᠵᠦᠬᠦᠷ ᠨᠢ ᠪᠤᠴᠠᠨ ᠳᠤᠭᠤᠷᠠᠭᠯᠠᠵᠤ᠂ ᠳᠥᠷᠪᠡᠨ ᠮᠥᠴᠢ ᠪᠠᠨ ᠨᠤᠭᠤᠯᠤᠨ ᠬᠡᠪᠳᠡᠭᠰᠡᠨ ᠬᠡᠯᠪᠡᠷᠢᠳᠡᠢ᠂  ᠪᠡᠶ᠎ᠡ ᠶᠢᠨ ᠬᠢᠨᠢ ᠲᠣᠭᠤᠷᠢᠨ ᠳᠤ ᠡᠪᠬᠡᠷᠡᠯᠳᠦᠭᠰᠡᠨ ᠡᠭᠦᠯᠡᠨ ᠤ ᠬᠡ ᠤᠭᠠᠯᠵᠠ ᠲᠠᠢ᠃ ᠠᠷᠤ ᠳᠠᠯ᠎ᠠ ᠨᠢ ᠲᠡᠭᠰᠢᠬᠡᠨ ᠳᠠᠮᠤᠷ ᠪᠦᠳᠦᠴᠡ ᠲᠠᠢ ᠪᠠᠶᠢᠵᠤ᠂ ᠤᠤᠯ ᠳᠠᠭᠠᠨ ᠭᠤᠬ᠎ᠠ ᠲᠠᠢ ᠪᠠᠶᠢᠭᠰᠠᠨ ᠢᠶᠠᠨ ᠨᠢᠭᠡᠨᠲᠡ ᠡᠪᠳᠡᠷᠡᠵᠡᠢ᠃ ᠪᠦᠰᠡᠨ ᠤ ᠭᠤᠷᠬᠢ ᠨᠢ ᠤᠷᠳᠤ ᠳᠥᠷᠪᠡᠯᠵᠢᠨ ᠴᠠᠭᠠᠷᠢᠭ ᠬᠡᠯᠪᠡᠷᠢᠲᠡᠢ᠂ ᠠᠯᠲᠠᠨ ᠢᠯᠳᠠᠰᠤ ᠪᠠᠷ ᠡᠪᠬᠡᠷᠡᠯᠳᠦᠭᠰᠡᠨ ᠡᠭᠦᠯᠡᠨ ᠤ ᠬᠡ ᠤᠭᠠᠯᠵᠠ ᠶᠢ ᠤᠷᠠᠯᠠᠵᠠᠢ᠃ ᠳᠡᠪᠡᠬᠡᠯᠡᠨ ᠪᠦᠰᠡᠯᠡᠬᠦ ᠦᠶ᠎ᠡ ᠳᠤ ᠪᠦᠰᠡᠨ ᠤ ᠴᠢᠮᠡᠭᠯᠡᠯ ᠤᠨ ᠠᠷᠤ ᠳᠠᠯ᠎ᠠ ᠶᠢᠨ ᠭᠤᠬᠠᠳᠤ ᠳᠤᠪᠴᠢ ᠶᠢ ᠪᠦᠰᠡᠨ ᠤ ᠭᠤᠷᠬᠢ ᠶᠢᠨ ᠤᠷᠳᠤᠯᠵᠢᠨ ᠨᠦᠬᠡᠨ ᠳᠤ ᠳᠡᠪᠡᠬᠡᠯᠡᠵᠤ᠂ ᠬᠤᠶᠠᠷ ᠬᠤᠨᠢᠨ ᠤ ᠳᠤᠯᠤᠭᠠᠢ ᠮᠦᠷᠬᠦᠯᠳᠦᠨ ᠳᠤᠯᠳᠠᠭ᠃ ᠡᠨᠡᠬᠦ ᠢᠵᠢ ᠪᠦᠰᠡᠨ ᠤ ᠴᠢᠮᠡᠭᠯᠡᠯ ᠨᠢ ᠠᠯᠳᠠᠨ ᠬᠡᠷᠡᠯ ᠰᠠᠴᠤᠷᠠᠵᠤ᠂ ︽ᠣᠷᠳᠣᠰ ᠤᠨ ᠬᠦᠷᠡᠯ ᠪᠠᠭᠠᠵᠢ︾ ᠶᠢᠨ ᠳᠤᠮᠳᠠ ᠤᠳᠤᠬᠠᠨ ᠪᠤᠯᠳᠠᠯ᠎ᠠ ᠬᠤᠪᠤᠷᠬᠠᠨ ᠬᠠᠷᠠᠭᠳᠠᠳᠠᠭ ᠦᠨᠡᠳᠤ ᠡᠳ᠋ ᠪᠤᠯᠤᠭᠰᠠᠨ ᠪᠠᠶᠢᠨ᠎ᠠ᠃ ᠲᠡᠷᠡ ᠨᠢ ᠲᠠᠯ᠎ᠠ ᠨᠤᠲᠤᠭ ᠤᠨ ᠪᠠᠶᠢᠭᠠᠯᠢ ᠶᠢᠨ ᠦᠵᠡᠮᠵᠢ ᠶᠢᠨ ᠦᠨᠡᠨ ᠪᠣᠳᠠᠲᠠᠢ ᠢᠯᠡᠷᠡᠯ ᠪᠣᠯᠬᠤ ᠪᠥᠭᠡᠳ ᠨᠡᠩ ᠴᠤ ᠨᠡᠬᠦᠳᠡᠯᠴᠢᠨ ᠦᠨᠳᠦᠰᠦᠲᠡᠨ ᠤ ᠮᠠᠯ ᠰᠦᠷᠦᠭ ᠦᠷᠨᠢᠬᠦᠨ ᠦᠰᠬᠦ ᠶᠢ ᠬᠦᠰᠡᠨ ᠡᠷᠡᠮᠡᠯᠵᠡᠵᠦ ᠪᠠᠶᠢᠭ᠎ᠠ ᠶᠢᠨ ᠭᠦᠨ ᠨᠠᠶᠢᠳᠠᠯᠭ᠎ᠠ ᠪᠣᠯᠬᠤ ᠶᠤᠮ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ