【 ᠪᠢᠳᠠᠨ ᠤ ᠲᠠᠭᠤᠷᠢᠶᠠᠯ —  ᠤᠮᠠᠷᠠᠳᠤ ᠬᠢᠯᠢ ᠶᠢᠨ ᠤᠳᠤᠳ ᠤᠨ ᠬᠢᠯᠪᠠᠭ᠎ᠠ】 ᠸᠠᠩ ᠶᠦᠩ ᠹᠧᠩ​
ᠨᠡᠶᠢᠲᠡᠯᠡᠭᠰᠡᠨ ᠴᠠᠭ᠄
2024/11/8
      ᠸᠠᠩ ᠶᠦᠩ ᠹᠧᠩ ᠣᠲᠣ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠬᠤᠢ ᠮᠢᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠡᠮᠴᠢ  ᠰᠤᠪᠢᠯᠠᠭᠴᠢ ᠶᠢᠨ ᠬᠡᠯᠲᠡᠰ ᠤᠨ ᠭᠤᠤᠯ ᠬᠠᠮᠢᠶᠠᠷᠤᠭᠴᠢ ᠶᠢᠨ ᠲᠤᠰᠢᠶᠠᠯ ᠢ ᠡᠭᠦᠷᠭᠡᠯᠡᠵᠦ ᠪᠣᠶ᠃ ᠠᠷᠪᠠ ᠭᠠᠷᠤᠢ ᠵᠢᠯ ᠤᠨ ᠲᠤᠷᠰᠢ᠂ ᠲᠡᠷᠡ ᠡᠭᠦᠷᠭᠡ ᠲᠤᠰᠢᠶᠠᠯ ᠢᠶᠠᠨ ᠬᠢᠴᠢᠶᠡᠩᠭᠦᠶᠢᠯᠡᠨ ᠭᠦᠢᠴᠡᠳᠬᠡᠵᠦ᠂ ᠯᠠᠪᠳᠠᠭᠤᠨ ᠪᠠᠲᠤᠲᠠᠢ ᠠᠵᠢᠯᠯᠠᠵᠤ᠂ ᠡᠮᠨᠡᠯᠬᠡ ᠳᠤ ᠪᠠᠶᠢᠭ᠎ᠠ ᠨᠠᠰᠤᠲᠠᠶᠢᠴᠤᠳ ᠤᠨ ᠳᠣᠲᠣᠨᠣ ᠬᠦᠮᠦᠨ ᠪᠣᠯᠤᠭᠰᠠᠨ ᠪᠠᠶᠢᠨ᠎ᠠ᠃ 
4.1.jpg
    ᠡᠮᠴᠢᠯᠡᠵᠤ ᠰᠤᠪᠢᠯᠠᠬᠤ ᠠᠵᠢᠯ ᠲᠠᠢ ᠠᠩᠬ᠎ᠠ ᠤᠶᠢᠷᠠᠳᠬᠤ ᠦᠶ᠎ᠡ ᠳᠤ᠂ ᠸᠠᠩ ᠶᠦᠩ ᠹᠧᠩ ᠶᠠᠮᠠᠷ ᠴᠤ ᠲᠤᠷᠰᠢᠯᠭ᠎ᠠ ᠦᠭᠡᠢ᠂ ᠡᠨᠡ ᠠᠵᠢᠯ ᠢ ᠰᠠᠶᠢᠲᠤᠷ ᠬᠢᠬᠦ ᠶᠢᠨ ᠲᠥᠯᠥᠭᠡ᠂ ᠲᠡᠷᠡ ᠲᠤᠰᠬᠠᠢ ᠮᠡᠷᠭᠡᠵᠢᠯ ᠤᠨ ᠮᠡᠳᠡᠯᠭᠡ ᠶᠢ ᠲᠠᠰᠤᠷᠠᠯᠲᠠ ᠦᠭᠡᠢ ᠰᠤᠷᠤᠯᠴᠠᠵᠤ᠂ ᠲᠤᠬᠠᠶᠢᠯᠠᠭᠰᠠᠨ ᠠᠵᠢᠯ ᠤᠨ ᠴᠢᠳᠠᠪᠤᠷᠢ ᠪᠠᠨ ᠴᠢᠩᠭᠠᠳᠬᠠᠵᠤ᠂ ᠬᠠᠮᠢᠶᠠᠷᠤᠯᠲᠠ ᠦᠢᠯᠡᠴᠢᠯᠡᠭᠡᠨ ᠤ ᠲᠠᠯ᠎ᠠ ᠶᠢᠨ ᠮᠡᠳᠡᠯᠭᠡ ᠶᠢ ᠦᠪᠡᠰᠦᠪᠡᠨ ᠰᠤᠷᠤᠯᠴᠠᠭᠰᠡᠨ ᠭᠠᠳᠠᠨ᠎ᠠ᠂ ᠪᠠᠰᠠ ᠨᠠᠰᠤᠲᠠᠶᠢᠴᠤᠳ ᠤᠨ ᠰᠡᠳᠬᠢᠯ ᠰᠠᠨᠠᠭ᠎ᠠ ᠶᠢ ᠲᠠᠶᠢᠳᠬᠤᠷᠠᠭᠤᠯᠬᠤ᠂ ᠪᠡᠶ᠎ᠡ ᠮᠠᠬᠠᠪᠤᠳ ᠢ ᠴᠢᠭᠢᠷᠠᠭᠵᠢᠭᠤᠯᠬᠤ ᠲᠤᠭᠯᠠᠬᠤ ᠵᠡᠷᠭᠡ ᠬᠠᠮᠢᠶ᠎ᠠ ᠪᠦᠬᠦᠢ ᠬᠢᠴᠢᠶᠡᠯ ᠢ ᠨᠠᠷᠢᠨ ᠬᠢᠨᠠᠮᠠᠭᠠᠢ ᠰᠦᠪᠡᠭᠴᠢᠯᠡᠵᠦ᠂ ᠦᠷᠭᠦᠯᠵᠢ ᠲᠡᠳᠡᠨ ᠲᠠᠢ ᠪᠤᠳᠤᠯ ᠰᠡᠳᠬᠢᠯ ᠢᠶᠠᠨ ᠶᠠᠷᠢᠯᠴᠠᠵᠤ᠂ ᠨᠠᠰᠤᠲᠠᠶᠢᠴᠤᠳ ᠤᠨ ᠰᠡᠳᠬᠢᠯ ᠢ ᠣᠶᠢᠯᠠᠭᠠᠵᠤ᠂ ᠤᠶᠤᠨ ᠤᠬᠠᠭᠠᠨ᠂ ᠲᠤᠰᠬᠠᠢ ᠮᠡᠷᠭᠡᠵᠢᠯ᠂ ᠲᠦᠷᠦᠯ ᠰᠠᠳᠤᠨ ᠤ ᠬᠠᠶᠢᠷ᠎ᠠ ᠰᠡᠳᠬᠢᠯᠭᠡ ᠶᠢ ᠠᠭᠤᠰᠤᠯᠴᠠᠭᠤᠯᠤᠭᠰᠠᠨ ᠦᠢᠯᠡᠴᠢᠯᠡᠭᠡ ᠪᠠᠷ ᠤᠯᠠᠨ ᠲᠦᠮᠡᠨ ᠤ ᠰᠠᠶᠢᠨ ᠦᠨᠡᠯᠡᠯᠲᠡ ᠶᠢ ᠣᠯᠣᠭᠰᠠᠨ ᠪᠠᠶᠢᠨ᠎ᠠ᠃
4.2.jpg
 
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ