ᠤᠰᠤ ᠪᠤᠯ ᠠᠮᠢ ᠨᠠᠰᠤᠨ ᠤ ᠡᠬᠢ ᠪᠤᠯᠠᠭ ᠮᠦᠨ᠂ ᠳᠡᠷᠡ ᠨᠢ ᠬᠦᠮᠦᠨ ᠤ ᠪᠡᠶ᠎ᠡ ᠶᠢᠨ ᠴᠢᠬᠤᠯᠠ | ᠪᠦᠷᠢᠯᠳᠦᠬᠦᠨ ᠪᠤᠯᠬᠤ ᠪᠠᠷ ᠪᠠᠷᠠᠬᠤ ᠦᠬᠡᠢ᠂ ᠬᠦᠮᠦᠨ ᠤ ᠡᠷᠡᠬᠦᠯ ᠮᠡᠨᠳᠤ ᠳᠤ ᠴᠢᠬᠤᠯᠠ ᠦᠢᠯᠡᠳᠤᠯ ᠦᠵᠡᠬᠦᠯᠳᠡᠭ᠃ | ᠡᠳᠤᠷ ᠳᠤᠳᠤᠮ ᠤᠨ ᠠᠮᠢᠳᠤᠷᠠᠯ ᠳᠤᠮᠳᠠ ᠤᠤᠭᠤᠬᠤ ᠤᠰᠤ ᠶᠢᠨ ᠬᠡᠮᠵᠢᠶ᠎ᠡ ᠨᠢ ᠬᠦᠷᠦᠯᠴᠡᠬᠦ ᠦᠬᠡᠢ ᠪᠤᠯ | ᠳᠤᠯᠠᠢ ᠡᠪᠡᠳᠴᠢᠨ᠂ ᠰᠢᠬᠡᠰᠤ ᠰᠢᠬᠦᠷᠡᠬᠦᠯᠬᠦ ᠰᠢᠰᠲ᠋ᠧᠮ ᠤᠨ ᠬᠠᠯᠳᠠᠪᠤᠷᠢᠯᠠᠯ᠂ ᠪᠦᠬᠡᠷ᠎ᠡ ᠴᠢᠯᠠᠭᠤᠵᠢᠬᠤ᠂ ᠪᠠᠭᠠᠰᠤ | ᠬᠤᠷᠭᠤᠰᠤᠯᠠᠬᠤ᠂ ᠳᠠᠷᠭᠤᠯᠠᠬᠤ ᠵᠡᠷᠬᠡ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠬᠦ ᠪᠤᠯᠤᠨ᠎ᠠ᠃ | ᠡᠬᠦᠨ ᠠᠴᠠ ᠭᠠᠳᠠᠨ᠎ᠠ᠂ ᠤᠰᠤ ᠳᠤᠳᠠᠬᠤ ᠨᠢ ᠬᠦᠮᠦᠨ ᠢ ︽ᠳᠡᠨᠡᠭ︾ ᠪᠤᠯᠭᠠᠨ᠎ᠠ᠂ ᠤᠤᠭᠤᠬᠤ ᠤᠰᠤᠨ ᠤ ᠬᠡᠮᠵᠢᠶ᠎ᠡ | ᠨᠢ ᠬᠦᠷᠦᠯᠴᠡᠬᠦ ᠦᠬᠡᠢ ᠪᠤᠯ ᠳᠠᠨᠢᠨ ᠮᠡᠳᠡᠷᠡᠬᠦᠢ ᠶᠢᠨ ᠴᠢᠳᠠᠪᠤᠷᠢ ᠨᠢ ᠢᠯᠡᠳᠳᠡ ᠬᠠᠷᠰᠢᠯᠠᠭᠳᠠᠳᠠᠭ᠃ | ᠱᠠᠩᠬᠠᠢ ᠬᠤᠳᠠ ᠶᠢᠨ ᠵᠢᠷᠭᠤᠳᠤᠭᠠᠷ ᠠᠷᠠᠳ ᠤᠨ ᠡᠮᠨᠡᠯᠬᠡ ᠶᠢᠨ ᠬᠤᠷᠢᠶᠠᠨ ᠤ ᠰᠤᠳᠤᠯᠭᠠᠨ ᠤ ᠪᠦᠯᠬᠦᠮ ᠨᠢ | ᠢᠳᠡᠷ ᠦᠳᠡᠯᠦᠬᠡ ᠨᠠᠰᠤᠨ ᠤ ᠬᠦᠮᠦᠰ ᠤᠨ ᠤᠮᠳᠠᠭᠠᠨ ᠤ ᠬᠡᠷᠡᠭᠯᠡᠭᠡ ᠪᠤᠯᠤᠨ ᠳᠠᠨᠢᠨ ᠮᠡᠳᠡᠷᠡᠬᠦᠢ ᠶᠢᠨ ᠬᠠᠷᠰᠢ | ᠰᠠᠭᠠᠳ ᠲᠤ ᠨᠡᠷᠪᠡᠭᠳᠡᠬᠦ ᠶᠢᠨ ᠬᠤᠭᠤᠷᠤᠨᠳᠤᠬᠢ ᠬᠠᠷᠢᠴᠠᠭᠠᠨ ᠤ ᠳᠤᠬᠠᠢ ᠰᠤᠳᠤᠯᠭᠠᠨ ᠬᠢᠭᠰᠡᠨ ᠤ ᠦᠷ᠎ᠡ ᠳ᠋ᠦᠩ | ᠠᠴᠠ ᠤᠯᠵᠤ ᠮᠡᠳᠡᠭᠰᠡᠨ ᠨᠢ᠄ ᠤᠰᠤ ᠤᠤᠭᠤᠬᠤ᠂ ᠴᠠᠢ ᠤᠤᠭᠤᠬᠤ᠂ ᠺᠤᠹᠧ ᠤᠤᠭᠤᠬᠤ᠂ ᠰᠦ ᠤᠤᠭᠤᠬᠤ ᠨᠢ | ᠴᠦᠮ ᠳᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠨᠡᠷᠪᠡᠭᠳᠡᠬᠦ ᠶᠢ ᠰᠡᠷᠬᠡᠶᠢᠯᠡᠬᠦ ᠳᠤ ᠳᠤᠰᠠ ᠲᠠᠢ᠂ ᠬᠡᠷᠪᠡ ᠡᠳᠤᠷ | ᠪᠦᠷᠢ ᠶᠢᠨ ᠤᠤᠭᠤᠭᠰᠠᠨ ᠤᠰᠤᠨ ᠤ ᠬᠡᠮᠵᠢᠶ᠎ᠡ ᠨᠢ 1500 ᠮᠢᠯᠢᠯᠢᠲᠷ ︵ᠢᠯᠠᠩᠭᠤᠶ᠎ᠠ 500 ᠮᠢᠯᠢᠯᠢᠲᠷ︶ ᠠᠴᠠ | ᠪᠠᠭ᠎ᠠ ᠪᠤᠯ ᠳᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠬᠢᠯᠪᠠᠷᠬᠠᠨ ᠨᠡᠷᠪᠡᠭᠳᠡᠬᠦ ᠪᠤᠯᠤᠨ᠎ᠠ᠃ | ᠬᠡᠪᠡᠴᠤ ᠳᠠᠨᠢᠨ ᠮᠡᠳᠡᠷᠡᠬᠦᠢ ᠶᠢᠨ ᠬᠠᠷᠰᠢ ᠰᠠᠭᠠᠳ ᠲᠤ ᠨᠡᠷᠪᠡᠭᠳᠡᠬᠦ ᠲᠦᠭᠰᠢᠬᠦᠷᠢ ᠶᠢ ᠪᠠᠭᠠᠰᠬᠠᠬᠤ ᠶᠢᠨ | ᠲᠦᠯᠦᠬᠡ ᠬᠡᠳᠤᠷᠡᠳᠡᠯ᠎ᠡ ᠤᠰᠤ ᠤᠤᠭᠤᠬᠤ ᠨᠢ ᠵᠤᠬᠢᠰ ᠦᠬᠡᠢ᠂ ᠤᠰᠤ ᠳᠤᠳᠠᠭᠳᠠᠬᠤ ᠪᠤᠶᠤ ᠬᠡᠳᠤᠷᠡᠳᠡᠯ᠎ᠡ | ᠤᠤᠭᠤᠬᠤ ᠨᠢ ᠴᠦᠮ ᠳᠠᠨᠢᠨ ᠮᠡᠳᠡᠷᠡᠬᠦᠢ ᠶᠢᠨ ᠴᠢᠳᠠᠪᠤᠷᠢ ᠶᠢ ᠬᠤᠬᠢᠷᠠᠭᠤᠯᠳᠠᠭ᠃ | ᠪᠤᠴᠠᠯᠤᠭᠰᠠᠨ ᠤᠰᠤ ᠨᠢ ᠠᠮᠳᠠ ᠪᠠᠷ ᠠᠨᠠᠢ ᠳᠤᠯᠠ ᠤᠯᠠᠩᠬᠢ ᠬᠦᠮᠦᠰ ᠤᠤᠭᠤᠬᠤ ᠳᠤᠷ᠎ᠠ ᠦᠬᠡᠢ | ᠪᠠᠶᠢᠳᠠᠭ᠃ ᠳᠡᠬᠡᠪᠡᠯ᠂ ᠶᠠᠮᠠᠷ ᠶᠠᠮᠠᠷ ᠤᠮᠳᠠᠭᠠᠨ ᠢᠶᠠᠷ ᠪᠤᠴᠠᠯᠤᠭᠰᠠᠨ ᠤᠰᠤ ᠶᠢ ᠤᠷᠤᠯᠠᠭᠤᠯᠵᠤ ᠪᠤᠯᠬᠤ ᠪᠤᠢ︖ | 1. ᠴᠠᠢ ᠤᠤᠭᠤᠬᠤ | ᠰᠢᠩᠬᠡᠨ ᠴᠠᠢ ᠤᠤᠭᠤᠬᠤ ᠨᠢ ᠪᠡᠶ᠎ᠡ ᠳᠤ ᠨᠡᠩ ᠰᠠᠶᠢᠨ᠃ ᠴᠠᠢ ᠨᠢ ᠪᠢᠤᠯᠤᠬᠢ ᠶᠢᠨ ᠬᠤᠵᠢᠷ᠂ ᠤᠷᠭᠤᠮᠠᠯ | ᠤᠨ ᠦᠩᠬᠡᠯᠡᠭᠴᠢ ᠡᠳ᠋ ᠪᠤᠯᠤᠨ ᠦᠨᠦᠷᠳᠤ ᠪᠤᠳᠠᠰ ᠵᠡᠷᠬᠡ ᠠᠭᠤᠯᠤᠭᠳᠠᠳᠠᠭ ᠪᠤᠯᠬᠤᠷ ᠦᠪᠡᠷᠮᠢᠴᠡ ᠦᠨᠦᠷ ᠠᠮᠳᠠ | ᠲᠠᠢ ᠪᠦᠬᠡᠳ ᠢᠰᠦᠯᠳᠦᠬᠦ ᠶᠢ ᠡᠰᠡᠷᠬᠦᠴᠡᠬᠦ ᠳᠤ ᠳᠤᠰᠠᠳᠠᠢ᠃ | 2. ᠨᠢᠮᠪᠡᠭᠡ ᠲᠠᠢ ᠤᠰᠤ | ᠨᠢᠮᠪᠡᠭᠡ ᠲᠠᠢ ᠤᠰᠤ ᠨᠢ ᠪᠠᠭ᠎ᠠ ᠰᠢᠬᠢᠷᠯᠢᠭ᠂ ᠤᠤᠭᠤᠬᠤ ᠳᠤ ᠨᠡᠩ ᠠᠮᠳᠠ ᠲᠠᠢ ᠰᠠᠨᠠᠭᠳᠠᠳᠠᠭ᠃ ᠰᠢᠨ᠎ᠡ | ᠰᠤᠷᠭᠤᠭ ᠨᠢᠮᠪᠡᠭᠡ ᠨᠢ ᠬᠠᠳᠠᠭᠠᠭᠰᠠᠨ ᠨᠢᠮᠪᠡᠭᠡ ᠲᠠᠢ ᠬᠠᠷᠢᠴᠠᠭᠤᠯᠪᠠᠯ ᠬᠦᠮᠦᠨ ᠤ ᠪᠡᠶ᠎ᠡ ᠶᠢᠨ ᠡᠷᠡᠬᠦᠯ ᠮᠡᠨᠳᠤ ᠳᠤ | ᠨᠡᠩ ᠰᠠᠶᠢᠨ ᠪᠠᠶᠢᠳᠠᠭ᠃ | 3. ᠭᠤᠴᠤ ᠵᠢᠮᠢᠰ ᠳᠡᠪᠳᠤᠬᠡᠵᠤ ᠤᠤᠭᠤᠬᠤ | ᠭᠤᠴᠤ ᠵᠢᠮᠢᠰ ᠨᠢ ᠠᠩᠬᠢᠯᠤᠮ᠎ᠠ ᠦᠨᠦᠷ ᠲᠠᠢ ᠪᠦᠬᠡᠳ ᠸᠢᠲ᠋ᠠᠮᠢᠨ C ᠪᠠ ᠺᠠᠯᠢ ᠡᠯᠪᠡᠭ ᠠᠭᠤᠯᠤᠭᠳᠠᠳᠠᠭ | ᠪᠤᠯᠬᠤᠷ ᠴᠢᠰᠤᠨ ᠳᠠᠷᠤᠯᠳᠠ ᠶᠢ ᠬᠢᠵᠠᠭᠠᠷᠯᠠᠬᠤ ᠳᠤ ᠳᠤᠰᠠᠳᠠᠢ᠃ | 4. ᠴᠢᠨ᠋ᠸ᠎ᠠ ᠶᠢᠨ ᠬᠠᠷᠮᠠᠭ ᠳᠡᠪᠳᠤᠬᠡᠵᠤ ᠤᠤᠭᠤᠬᠤ | ᠴᠢᠨ᠋ᠸ᠎ᠠ ᠶᠢᠨ ᠬᠠᠷᠮᠠᠭ ᠢ ᠳᠡᠪᠳᠤᠬᠡᠭᠰᠡᠨ ᠤᠰᠤ ᠨᠢ ᠪᠠᠭ᠎ᠠ ᠰᠢᠬᠢᠷᠯᠢᠭ᠂ ᠢᠳᠡᠷ ᠨᠠᠰᠤᠨ ᠤ ᠬᠦᠮᠦᠰ ᠡᠳᠤᠷ | ᠳᠤᠳᠤᠮ ᠤᠤᠭᠤᠬᠤ ᠳᠤ ᠳᠤᠬᠢᠷᠠᠨ᠎ᠠ᠃ | 5. ᠨᠤᠭᠤᠭᠠᠨ ᠪᠤᠷᠴᠠᠭ ᠤᠨ ᠱᠦᠯᠦ ᠤᠤᠭᠤᠬᠤ | ᠬᠦᠢᠳᠡᠨ ᠨᠤᠭᠤᠭᠠᠨ ᠪᠤᠷᠴᠠᠭ ᠤᠨ ᠱᠦᠯᠦ ᠨᠢ ᠬᠠᠯᠠᠭᠤᠨ ᠢ ᠳᠡᠶᠢᠯᠵᠤ ᠤᠰᠤ ᠨᠦᠬᠦᠪᠤᠷᠢᠯᠡᠬᠦ ᠮᠦᠷᠳᠡᠬᠡᠨ | ᠨᠤᠭᠤᠭᠠᠨ ᠪᠤᠷᠴᠠᠭ ᠲᠤ ᠠᠭᠤᠯᠤᠭᠳᠠᠬᠤ ᠺᠠᠯᠢ ᠪᠤᠯᠤᠨ B ᠲᠦᠷᠦᠯ ᠤᠨ ᠸᠢᠲ᠋ᠠᠮᠢᠨ ᠨᠢ ᠰᠢᠮ᠎ᠡ ᠳᠡᠵᠢᠬᠡᠯ ᠢ | ᠨᠦᠬᠦᠪᠤᠷᠢᠯᠡᠵᠤ ᠴᠢᠳᠠᠨ᠎ᠠ᠃ | 6. ᠱᠦᠯᠦ ᠤᠤᠭᠤᠬᠤ | ᠪᠤᠳᠠᠭ᠎ᠠ ᠢᠳᠡᠬᠦ ᠳᠡᠭᠡᠨ ᠲᠦᠪᠡᠳ ᠬᠠᠰᠢ ᠦᠨᠳᠡᠭᠡ ᠲᠠᠢ ᠱᠦᠯᠦ ᠵᠡᠷᠬᠡ ᠳᠤᠰᠤ ᠪᠠᠭ᠎ᠠ᠂ ᠳᠠᠪᠤᠰᠤ ᠪᠠᠭ᠎ᠠ | ᠱᠦᠯᠦ ᠤᠤᠭᠤᠬᠤ ᠨᠢ ᠠᠮᠳᠠ ᠰᠢᠮ᠎ᠡ ᠲᠠᠢ ᠮᠦᠷᠳᠡᠬᠡᠨ ᠤᠰᠤ ᠨᠦᠬᠦᠪᠤᠷᠢᠯᠡᠵᠤ ᠴᠢᠳᠠᠨ᠎ᠠ᠃ | 7. ᠰᠢᠬᠢᠷ ᠪᠠᠭ᠎ᠠ ᠠᠭᠤᠯᠤᠭᠳᠠᠬᠤ ᠤᠮᠳᠠᠭᠠᠨ ᠤᠤᠭᠤᠬᠤ | ᠬᠠᠶᠠ ᠳᠠᠭᠠᠨ ᠨᠡᠮᠡᠯᠳᠡ ᠡᠳ᠋ ᠲᠤ ᠰᠢᠬᠢᠷ᠂ ᠦᠬᠡᠬᠦ ᠳᠤᠰᠤ᠂ ᠢᠯᠴᠢ ᠶᠢᠨ ᠠᠭᠤᠯᠤᠭᠳᠠᠴᠠ ᠪᠠᠷ ᠪᠠᠭ᠎ᠠ | ᠤᠮᠳᠠᠭᠠᠨ ᠢ ᠰᠤᠩᠭᠤᠵᠤ ᠴᠠᠩᠭᠠᠭ᠎ᠠ ᠳᠠᠶᠢᠯᠵᠤ ᠪᠤᠯᠤᠨ᠎ᠠ᠃ | ᠰᠢᠬᠢᠷ ᠶᠡᠭᠡ ᠲᠠᠢ ᠤᠮᠳᠠᠭᠠᠨ ᠢ ᠴᠡᠬᠡᠷᠯᠡᠪᠡᠯ ᠵᠤᠬᠢᠨ᠎ᠠ | ᠰᠢᠬᠢᠷ ᠶᠡᠭᠡ ᠲᠠᠢ ᠤᠮᠳᠠᠭᠠᠨ ᠢ ᠪᠠᠶᠢᠩᠭᠤ ᠤᠤᠭᠤᠪᠠᠯ᠂ ᠰᠢᠬᠢᠷ ᠰᠢᠵᠢᠩ ᠡᠪᠡᠳᠴᠢᠨ ᠪᠠ ᠵᠢᠷᠦᠬᠡ ᠴᠢᠰᠤᠨ | ᠰᠤᠳᠠᠯ ᠤᠨ ᠡᠪᠡᠳᠴᠢᠨ ᠳᠤ ᠨᠡᠷᠪᠡᠭᠳᠡᠬᠦ ᠠᠶᠤᠯ ᠶᠡᠭᠡ ᠪᠤᠯᠤᠨ᠎ᠠ᠃ | ᠵᠤᠬᠢᠬᠤ ᠬᠡᠮᠵᠢᠶᠡᠨ ᠤ ᠤᠰᠤ ᠤᠤᠭᠤᠬᠤ ᠶᠢᠨ ᠴᠢᠬᠤᠯᠠ ᠴᠢᠨᠠᠷ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠬᠡᠨ ᠤᠮᠳᠠᠭᠠᠨ ᠤ ᠵᠦᠭᠯᠡᠬᠦᠷ ︵2022︶︾ | ᠤᠨ ᠰᠠᠨᠠᠭᠤᠯᠭ᠎ᠠ ᠶᠢ ᠦᠨᠳᠤᠰᠤᠯᠡᠪᠡᠯ᠂ ᠨᠠᠰᠤᠨ ᠳᠤ ᠬᠦᠷᠦᠭᠰᠡᠨ ᠡᠷᠡᠭᠳᠡᠢ ᠪᠠ ᠡᠮᠡᠭᠳᠡᠢ ᠡᠳᠤᠷ ᠪᠦᠷᠢ ᠠᠳᠠᠭ | ᠲᠠᠭᠠᠨ ᠳᠤᠰᠪᠤᠷᠢ 1700 ᠮᠢᠯᠢᠯᠢᠲᠷ ᠪᠠ 1500 ᠮᠢᠯᠢᠯᠢᠲᠷ ᠤᠰᠤ ᠤᠤᠭᠤᠪᠠᠯ ᠦᠪᠡᠷ ᠤᠨ ᠪᠡᠶ᠎ᠡ ᠶᠢᠨ | ᠡᠷᠡᠬᠦᠯ ᠮᠡᠨᠳᠤ ᠪᠠᠨ ᠨᠡᠩ ᠰᠠᠶᠢᠨ ᠪᠠᠳᠤᠯᠠᠵᠤ ᠴᠢᠳᠠᠨ᠎ᠠ᠃ ᠡᠶᠢᠮᠤ ᠠᠴᠠ ᠡᠳᠤᠷ ᠪᠦᠷᠢ ᠶᠢᠨ ᠤᠰᠤ ᠤᠤᠭᠤᠬᠤ | ᠬᠡᠮᠵᠢᠶ᠎ᠡ ᠪᠠᠨ ᠬᠦᠢᠴᠡᠳ ᠪᠠᠳᠤᠯᠠᠭᠠᠷᠠᠢ︕ | | |