ᠨᠠᠰᠤᠳᠠᠶᠢᠴᠤᠳ ᠪᠡᠶ᠎ᠡ ᠰᠤᠪᠢᠯᠠᠬᠤ ᠳᠤ ᠪᠠᠨ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2024/11/29
      ᠤᠯᠠᠩᠬᠢ ᠨᠠᠰᠤᠳᠠᠨ ᠪᠡᠶ᠎ᠡ ᠰᠤᠪᠢᠯᠠᠬᠤ ᠶᠢ ᠡᠷᠬᠢᠮᠯᠡᠳᠡᠭ ᠴᠤ ᠠᠷᠭ᠎ᠠ ᠨᠢ ᠵᠤᠬᠢᠰ ᠦᠬᠡᠢ ᠪᠤᠯ ᠬᠡᠳᠡᠷᠬᠦ ᠪᠠᠨ ᠢᠳᠡᠪᠬᠢ ᠪᠤᠰᠤ ᠦᠢᠯᠡᠳᠤᠯ ᠭᠠᠷᠭᠠᠳᠠᠭ᠃           ᠡᠷᠡᠬᠦᠯ ᠮᠡᠨᠳᠤ ᠶᠢᠨ ᠳᠤᠬᠠᠢ ᠴᠤᠤᠷᠬᠠᠯ ᠢ ᠢᠳᠡᠬᠡᠬᠦ ᠦᠬᠡᠢ       ᠨᠠᠰᠤᠳᠠᠶᠢᠴᠤᠳ ᠡᠷᠡᠬᠦᠯ ᠮᠡᠨᠳᠤ ᠶᠢᠨ ᠮᠡᠳᠡᠭᠡ ᠵᠠᠩᠬᠢ ᠶᠢ ᠤᠯᠬᠤ ᠳᠤ ᠪᠠᠨ ᠵᠢᠩᠬᠢᠨᠢ ᠡᠮᠨᠡᠯᠬᠡ ᠶᠢᠨ ᠬᠤᠷᠢᠶᠠᠨ ᠤ ᠡᠮᠴᠢ ᠶᠢᠨ ᠪᠢᠴᠢᠭᠰᠡᠨ ᠵᠤᠷ ᠢ ᠵᠢᠷᠦᠮᠯᠠᠪᠠᠯ ᠵᠤᠬᠢᠨ᠎ᠠ᠃ ᠠᠰᠠᠭᠤᠳᠠᠯ ᠳᠤᠯᠭᠠᠷᠠᠪᠠᠯ ᠳᠤᠰᠬᠠᠢ ᠮᠡᠷᠬᠡᠵᠢᠯ  ᠤᠨ ᠡᠮᠴᠢ ᠠᠴᠠ ᠵᠦᠪ ᠤᠨᠤᠪᠴᠢᠳᠠᠢ ᠵᠢᠯᠤᠭᠤᠳᠤᠯᠭ᠎ᠠ ᠬᠦᠰᠡᠪᠡᠯ ᠵᠤᠬᠢᠨ᠎ᠠ᠂ ᠬᠠᠷᠢᠨ ᠬᠠᠷ ᠰᠤᠷᠳᠠᠯᠴᠢᠯᠠᠭ᠎ᠠ ᠶᠢ ᠰᠤᠬᠤᠷ ᠪᠠᠯᠠᠢ ᠪᠠᠷ ᠢᠳᠡᠬᠡᠵᠤ ᠪᠤᠯᠬᠤ ᠦᠬᠡᠢ᠃           ᠬᠠᠷᠠᠰᠤ ᠢᠳᠡᠬᠡᠨ ᠤᠮᠳᠠᠭᠠᠨ ᠢ ᠵᠤᠬᠢᠰᠳᠠᠢ ᠡᠳ᠋ᠯᠡᠨ᠎ᠡ       ᠬᠠᠷᠠᠰᠤ ᠢᠳᠡᠬᠡᠨ ᠤᠮᠳᠠᠭᠠᠨ ᠢ ᠦᠷᠦᠬᠡᠰᠤᠯ ᠢᠶᠠᠷ ᠬᠦᠬᠡᠬᠡᠴᠡᠯᠳᠦᠬᠦ ᠨᠢ ᠤᠭᠤᠷᠠᠭ ᠵᠡᠷᠬᠡ ᠰᠢᠮ᠎ᠡ ᠳᠡᠵᠢᠬᠡᠯ  ᠤᠨ ᠡᠯᠧᠮᠧᠨ᠋ᠲ ᠤᠨ ᠰᠢᠩᠬᠡᠬᠡᠯᠳᠡ ᠶᠢ ᠬᠦᠢᠴᠡᠳ ᠦᠬᠡᠢ ᠪᠤᠯᠭᠠᠨ᠂ ᠰᠢᠮ᠎ᠡ ᠳᠡᠵᠢᠬᠡᠯ ᠤᠨ ᠳᠡᠩᠴᠡᠬᠦᠷᠢ ᠶᠢ ᠠᠯᠳᠠᠭᠳᠠᠭᠤᠯᠵᠤ᠂ ᠳᠤᠷᠠᠬᠤ᠂ ᠪᠤᠯᠴᠢᠩ ᠠᠪᠴᠢᠬᠤ ᠬᠡᠮ᠂ ᠳᠠᠨᠢᠨ ᠮᠡᠳᠡᠬᠦᠢ ᠶᠢᠨ ᠴᠢᠳᠠᠪᠤᠷᠢ ᠶᠢ ᠮᠠᠭᠤᠳᠠᠭᠤᠯᠬᠤ ᠵᠡᠷᠬᠡ ᠢᠯᠡᠷᠡᠯ ᠢ ᠪᠤᠢ ᠪᠤᠯᠭᠠᠨ᠎ᠠ᠃ ᠨᠠᠰᠤᠳᠠᠶᠢᠴᠤᠳ ᠬᠠᠮᠤᠭ ᠤᠨ ᠰᠠᠶᠢᠨ ᠨᠢ ᠬᠤᠭᠤᠯᠠᠨ ᠳᠤ ᠪᠠᠨ ᠮᠢᠬ᠎ᠠ ᠨᠤᠭᠤᠭ᠎ᠠ ᠶᠢ ᠳᠡᠩᠴᠡᠬᠦᠷᠢᠳᠡᠢ ᠪᠠᠶᠢᠯᠭᠠᠵᠤ᠂ ᠵᠢᠩᠨᠡᠵᠤ ᠪᠤᠯᠭᠤᠭᠰᠠᠨ ᠢᠳᠡᠬᠡᠨ ᠢ ᠢᠯᠡᠬᠦᠦ ᠢᠳᠡᠵᠤ᠂ ᠳᠤᠰᠤᠨ ᠳᠤ ᠬᠠᠭᠤᠷᠴᠤ ᠬᠠᠭᠠᠷᠢᠭᠰᠠᠨ ᠢᠳᠡᠬᠡᠨ ᠢ ᠪᠠᠭ᠎ᠠ ᠢᠳᠡᠨ᠎ᠡ᠃       ᠬᠦᠳᠡᠯᠬᠡᠬᠡᠨ ᠤ ᠬᠡᠮᠵᠢᠶ᠎ᠡ ᠪᠠᠨ ᠵᠤᠬᠢᠰᠳᠠᠢ ᠪᠠᠶᠢᠯᠭᠠᠨ᠎ᠠ       ᠨᠠᠰᠤᠳᠠᠶᠢᠴᠤᠳ ᠪᠡᠶ᠎ᠡ ᠶᠢᠨ ᠪᠠᠶᠢᠳᠠᠯ ᠪᠠ ᠡᠮᠴᠢ ᠶᠢᠨ ᠰᠠᠨᠠᠭᠤᠯᠭ᠎ᠠ ᠶᠢ ᠦᠨᠳᠤᠰᠤᠯᠡᠨ ᠳᠤᠬᠢᠷᠠᠮᠵᠢᠳᠡᠢ ᠬᠦᠳᠡᠯᠬᠡᠬᠡᠨ ᠤ ᠵᠦᠢᠯ ᠪᠠ ᠬᠦᠴᠦᠯᠡᠴᠡ ᠶᠢ ᠰᠤᠩᠭᠤᠪᠠᠯ ᠵᠤᠬᠢᠨ᠎ᠠ᠃ ᠡᠩ ᠤᠨ ᠪᠠᠶᠢᠳᠠᠯ ᠳᠤ ᠡᠳᠤᠷ ᠪᠦᠷᠢ 30 ᠮᠢᠨᠦ᠋ᠲ ᠬᠤᠷᠳᠤᠨ ᠠᠯᠬᠤᠬᠤ᠂ ᠤᠮᠪᠠᠭ᠋ᠤ᠂ ᠳᠤᠭᠤᠢ ᠤᠨᠤᠬᠤ ᠵᠡᠷᠬᠡ ᠳᠤᠮᠳᠠ ᠵᠡᠷᠬᠡ ᠶᠢᠨ ᠬᠦᠴᠦᠯᠡᠴᠡ ᠲᠠᠢ ᠬᠦᠴᠢᠯᠳᠦ᠋ᠷᠦᠭᠴᠢᠳᠤ ᠬᠦᠳᠡᠯᠬᠡᠬᠡᠨ ᠵᠠᠪᠠᠯ ᠵᠤᠬᠢᠨ᠎ᠠ᠃       ᠡᠮᠴᠢᠯᠡᠬᠡᠨ ᠤ ᠠᠷᠭ᠎ᠠ ᠪᠠᠷᠢᠯ ᠤᠨ ᠢᠳᠡᠪᠬᠢ ᠦᠢᠯᠡᠳᠤᠯ ᠢ ᠠᠩᠬᠠᠷᠤᠨ᠎ᠠ       ᠵᠠᠷᠢᠮ ᠨᠠᠰᠤᠳᠠᠶᠢᠴᠤᠳ ᠢᠳᠡᠬᠡᠨ ᠤᠮᠳᠠᠭᠠᠨ ᠢᠶᠠᠨ ᠳᠤᠬᠢᠷᠠᠭᠤᠯᠬᠤ ᠪᠠ ᠢᠳᠡᠪᠬᠢ ᠬᠦᠳᠡᠯᠬᠡᠬᠡᠨ ᠬᠢᠬᠦ ᠪᠠᠷ ᠳᠠᠮᠵᠢᠨ ᠪᠤᠢ ᠪᠦᠬᠦᠢ ᠡᠷᠡᠬᠦᠯ ᠮᠡᠨᠳᠤ ᠶᠢᠨ ᠠᠰᠠᠭᠤᠳᠠᠯ ᠢ ᠰᠢᠢᠳᠪᠤᠷᠢᠯᠡᠴᠢᠬᠡᠳᠡᠭ ᠬᠡᠵᠤ ᠦᠵᠡᠳᠡᠭ᠃ ᠦᠨᠡᠨ ᠳᠤ  ᠪᠠᠨ ᠨᠠᠰᠤᠳᠠᠶᠢᠴᠤᠳ ᠳᠤᠭᠳᠠᠮᠠᠯ ᠬᠤᠭᠤᠴᠠᠭ᠎ᠠ ᠲᠠᠢ ᠪᠡᠶ᠎ᠡ ᠶᠢᠨ ᠪᠠᠶᠢᠴᠠᠭᠠᠯᠳᠠ ᠬᠢᠵᠤ᠂ ᠡᠷᠡᠬᠦᠯ ᠮᠡᠨᠳᠤ ᠶᠢᠨ ᠬᠠᠮᠢᠶᠠᠷᠤᠯᠳᠠ ᠶᠢᠨ ᠰᠢᠨᠵᠢᠯᠡᠬᠦ ᠤᠬᠠᠭᠠᠨᠴᠢ ᠴᠢᠨᠠᠷ ᠪᠠ ᠪᠦᠳᠦᠮᠵᠢᠳᠤ ᠴᠢᠨᠠᠷ ᠢ ᠪᠠᠳᠤᠯᠠᠬᠤ ᠬᠡᠷᠡᠭᠳᠡᠢ᠃       ᠸᠠᠺᠼᠢᠨ ᠤ ᠦᠢᠯᠡᠳᠤᠯ ᠢ ᠵᠦᠪ ᠢᠶᠠᠷ ᠦᠢᠯᠠᠭᠠᠨ᠎ᠠ       ᠨᠠᠰᠤᠳᠠᠶᠢᠴᠤᠳ ᠡᠮᠴᠢ ᠶᠢᠨ ᠰᠠᠨᠠᠭᠤᠯᠭ᠎ᠠ ᠪᠠᠷ ᠸᠠᠺᠼᠢᠨ ᠢ ᠦᠢᠯᠠᠭᠠᠬᠤ ᠶᠢᠨ ᠬᠠᠮᠳᠤ ᠳᠠᠷᠢᠯᠭ᠎ᠠ ᠬᠢᠯᠬᠡᠪᠡᠯ ᠵᠤᠬᠢᠨ᠎ᠠ᠃ ᠡᠬᠦᠨ ᠳᠤ ᠳᠠᠬᠤᠯ ᠳᠠᠭᠰᠢᠭᠤᠷ ᠤᠨ ᠸᠠᠺᠼᠢᠨ ᠪᠠ ᠠᠭᠤᠰᠬᠢᠨ ᠦᠷᠪᠢᠰᠤᠯ ᠤᠨ ᠸᠠᠺᠼᠢᠨ ᠪᠤᠯ ᠨᠡᠶᠢᠬᠡᠮ ᠳᠤᠭᠤᠷᠢᠭ ᠤᠨ ᠰᠦᠢᠳᠬᠡᠯ ᠬᠤᠷᠢᠶᠠᠳᠠᠭ ᠦᠬᠡᠢ ᠳᠠᠷᠢᠯᠭ᠎ᠠ ᠶᠤᠮ᠃ 50 ᠨᠠᠰᠤᠨ ᠠᠴᠠ ᠳᠡᠬᠡᠭᠰᠢ ᠬᠦᠮᠦᠰ ᠮᠤᠭᠠᠢ ᠢᠯᠢᠳᠤ ᠶᠢᠨ ᠸᠠᠺᠼᠢᠨ ᠳᠠᠷᠢᠭᠤᠯᠵᠤ᠂ ᠮᠤᠭᠠᠢ ᠢᠯᠢᠳᠤ ᠳᠤ ᠨᠡᠷᠪᠡᠭᠳᠡᠬᠦ ᠠᠴᠠ ᠰᠡᠷᠬᠡᠶᠢᠯᠡᠵᠤ ᠪᠤᠯᠳᠠᠭ᠃       ᠦᠪᠡᠷ ᠤᠨ ᠡᠷᠡᠬᠦᠯ ᠮᠡᠨᠳᠤ ᠳᠤ ᠪᠠᠨ ᠬᠠᠷᠢᠭᠤᠴᠠᠯᠭ᠎ᠠ ᠲᠠᠢ ᠬᠠᠨᠳᠤᠨ᠎ᠠ       ᠨᠠᠰᠤᠳᠠᠶᠢᠴᠤᠳ ᠬᠤᠯᠪᠤᠭᠳᠠᠯ ᠪᠦᠬᠦᠢ ᠡᠪᠡᠳᠴᠢᠨ ᠡᠮᠬᠡᠭ ᠤᠨ ᠦᠪᠡᠷ ᠤᠨ ᠬᠠᠮᠢᠶᠠᠷᠤᠯᠳᠠ ᠶᠢᠨ ᠮᠡᠳᠡᠯᠬᠡ  ᠶᠢ ᠢᠳᠡᠪᠬᠢᠳᠡᠢ ᠰᠤᠷᠤᠯᠴᠠᠵᠤ᠂ ᠴᠢᠬᠤᠯᠠ ᠪᠦᠬᠦᠢ ᠡᠷᠡᠬᠦᠯ ᠮᠡᠨᠳᠤ ᠶᠢᠨ ᠳᠤᠭ᠎ᠠ ᠪᠠᠷᠢᠮᠳᠠ ᠶᠢ ᠳᠡᠮᠳᠡᠭᠯᠡᠬᠦ ᠬᠡᠷᠡᠭᠳᠡᠢ᠃ ᠡᠮᠴᠢ ᠲᠠᠢ ᠬᠠᠷᠢᠯᠴᠠᠵᠤ᠂ ᠵᠦᠢ ᠵᠤᠬᠢᠰᠳᠠᠢ ᠡᠮᠨᠡᠨ ᠵᠠᠰᠠᠬᠤ ᠪᠠ ᠬᠠᠮᠢᠶᠠᠷᠤᠯᠳᠠ ᠶᠢᠨ ᠲᠦᠯᠦᠪᠯᠡᠭᠡ ᠳᠤᠭᠳᠠᠭᠠᠪᠠᠯ ᠤᠷᠳᠤ ᠨᠠᠰᠤᠯᠠᠬᠤ ᠳᠤ ᠳᠤᠰᠠᠳᠠᠢ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ