ᠡᠮ ᠶᠡᠬᠦᠯᠡᠬᠦ ᠨᠢ ᠡᠮ ᠤᠤᠭᠤᠬᠤ ᠠᠴᠠ ᠨᠡᠩ ᠢᠯᠡᠬᠦᠦ ᠦᠢᠯᠡᠳᠤᠯ ᠲᠠᠢ ᠤᠤ︖
ᠨᠡᠶᠢᠲᠡᠯᠡᠭᠰᠡᠨ ᠴᠠᠭ᠄
2024/11/29
     ᠡᠮ ᠶᠡᠬᠦᠯᠡᠬᠦ ᠳᠤ ᠬᠡᠳᠤ ᠲᠦᠰᠢᠭᠯᠡᠬᠦ      ᠵᠠᠷᠢᠮ ᠭᠡᠷ ᠤᠨ ᠠᠬᠠᠮᠠᠳ ᠬᠡᠣᠬᠡᠳ ᠤᠨ ᠪᠡᠶ᠎ᠡ ᠨᠢ ᠬᠠᠪᠤ ᠦᠭᠡᠢ ᠪᠤᠯᠤᠮᠠᠭᠴᠠ ᠡᠮ ᠶᠡᠭᠦᠯᠡᠬᠦ ᠶᠢ ᠪᠣᠳᠤᠵᠤ᠂ ᠡᠮ ᠶᠡᠭᠦᠯᠡᠬᠦ ᠨᠢ ᠡᠮ ᠤᠤᠭᠤᠬᠤ ᠠᠴᠠ ᠦᠢᠯᠡᠳᠤᠯ ᠨᠢ ᠰᠠᠶᠢᠨ ᠮᠥᠷᠲᠡᠭᠡᠨ ᠬᠤᠷᠳᠤᠨ ᠭᠡᠵᠦ ᠦᠵᠡᠳᠡᠭ᠂ ᠡᠨᠡ ᠦᠵᠡᠯᠲᠡ ᠨᠢ ᠵᠥᠪ ᠪᠤᠰᠤ ᠶᠤᠮ᠃ ᠬᠡᠣᠬᠡᠳ ᠤᠨ ᠡᠪᠡᠳᠴᠢᠨ ᠤ ᠪᠠᠶᠢᠳᠠᠯ ᠪᠠ ᠨᠠᠰᠤ ᠵᠢᠯ ᠢ ᠦᠨᠳᠦᠰᠦᠯᠡᠨ ᠶᠠᠷᠤᠩᠬᠡᠶᠢᠯᠡᠨ ᠪᠣᠳᠣᠯᠬᠢᠯᠠᠵᠤ᠂ ᠲᠣᠬᠢᠷᠠᠮᠵᠢᠲᠠᠢ ᠡᠮ᠂ ᠨᠠᠶᠢᠷᠠᠯᠭ᠎ᠠ ᠶᠢᠨ ᠬᠡᠯᠪᠡᠷᠢ᠂ ᠡᠮ ᠥᠭᠬᠦ ᠠᠷᠭ᠎ᠠ ᠶᠢ ᠰᠤᠩᠭᠤᠵᠤ ᠡᠮᠨᠡᠨ ᠵᠠᠰᠠᠪᠠᠯ ᠵᠣᠬᠢᠨ᠎ᠠ᠃      ᠡᠮ ᠶᠡᠬᠦᠯᠡᠬᠦ ᠦᠢᠯᠡᠳᠤᠯ ᠨᠢ ᠨᠡᠩ ᠰᠠᠶᠢᠨ ᠪᠤᠯᠬᠤ ᠶᠢ ᠬᠡᠳᠤᠷᠬᠡᠢ ᠬᠦᠰᠡᠳᠡᠭ      ᠵᠠᠷᠢᠮ ᠭᠡᠷ ᠤᠨ ᠠᠬᠠᠮᠠᠳ ᠡᠮ ᠶᠡᠭᠦᠯᠡᠬᠦ ᠨᠢ ᠮᠠᠰᠢ ᠲᠦᠷᠭᠡᠨ ᠢᠶᠠᠷ ᠦᠢᠯᠡᠳᠦᠯ ᠦᠵᠡᠭᠦᠯᠵᠦ᠂ ᠠᠪᠤᠨ ᠳᠣᠣᠷ᠎ᠠ ᠪᠠᠨ ᠡᠪᠡᠳᠴᠢᠨ ᠢ ᠨᠠᠮᠲᠠᠭᠠᠴᠢᠬᠠᠨ᠎ᠠ ᠭᠡᠵᠦ ᠪᠣᠳᠣᠳᠠᠭ᠃ ᠪᠠᠰᠠ ᠡᠮᠴᠢᠯᠡᠭᠡᠨ ᠤ ᠦᠢᠯᠡᠳᠣᠯ ᠨᠢ ᠠᠨᠠᠢ ᠦᠶ᠎ᠡ  ᠳᠤ ᠡᠮᠴᠢ ᠳᠤ ᠡᠮ ᠤᠨ ᠭᠡᠮᠵᠢᠶ᠎ᠡ ᠶᠢ ᠨᠡᠮᠡᠭᠳᠡᠭᠦᠯᠬᠦ ᠪᠤᠶᠤ ᠨᠡᠩ ᠲᠣᠰᠡᠲᠡᠢ ᠡᠮ ᠢ ᠰᠣᠯᠢᠬᠤ ᠶᠢ ᠱᠠᠭᠠᠷᠳᠠᠳᠠᠭ ᠶᠤᠮ᠃ ᠦᠨᠡᠨ ᠳᠤ ᠪᠠᠨ ᠶᠠᠮᠠᠷᠪᠠ ᠡᠮᠴᠢᠯᠡᠭᠡ ᠨᠢ ᠪᠦᠷ ᠵᠣᠬᠢᠬᠤ ᠴᠠᠭ ᠬᠤᠭᠤᠴᠠᠭ᠎ᠠ ᠬᠡᠷᠡᠭᠰᠡᠮᠡᠨᠵᠢᠨ ᠰᠠᠶ᠋ᠢ ᠦᠢᠯᠡᠳᠤᠯ ᠢᠶᠠᠨ ᠪᠠᠳᠠᠷᠠᠭᠤᠯᠵᠤ ᠴᠢᠳᠠᠨ᠎ᠠ᠂ ᠳᠡᠭᠡᠬᠦ ᠮᠥᠷᠲᠡᠭᠡᠨ ᠪᠠᠶᠢᠨ ᠳᠠᠬᠢᠨ ᠡᠮ ᠢᠶᠠᠨ ᠰᠣᠯᠢᠬᠤ ᠨᠢ ᠡᠮᠴᠢᠯᠡᠭᠡᠨ ᠤ ᠦᠢᠯᠡᠳᠤᠯ ᠢ ᠳᠡᠭᠡᠭᠰᠢᠯᠡᠭᠦᠯᠵᠦ ᠴᠢᠳᠠᠬᠤ ᠦᠭᠡᠢ ᠶᠤᠮ᠃      ᠬᠡᠷ ᠤᠨ ᠠᠬᠠᠮᠠᠳ ᠡᠮ ᠶᠡᠬᠦᠯᠡᠬᠦ ᠳᠤᠬᠠᠢ ᠬᠡᠳᠤᠷᠬᠡᠢ ᠵᠤᠪᠠᠭ᠋ᠤ      ᠵᠠᠷᠢᠮ ᠭᠡᠷ ᠤᠨ ᠠᠬᠠᠮᠠᠳ ᠡᠮ ᠶᠡᠭᠦᠯᠡᠬᠦ ᠳᠤ ᠬᠡᠳᠦᠷᠬᠡᠢ ᠰᠠᠨᠠᠭ᠎ᠠ ᠵᠣᠪᠠᠵᠤ᠂ ᠬᠡᠤᠬᠡᠳ ᠢᠶᠠᠨ ᠭᠡᠮᠲᠦᠭᠡᠬᠦ ᠠᠴᠠ ᠠᠶᠤᠳᠠᠭ᠃ ᠵᠠᠷᠢᠮ ᠭᠡᠷ ᠤᠨ ᠠᠬᠠᠮᠠᠳ ᠪᠠᠰᠠ ᠡᠮ ᠶᠡᠭᠦᠯᠡᠬᠦ ᠭᠡᠰᠡᠭ ᠲᠤ ᠰᠠᠨᠠᠭ᠎ᠠ ᠵᠣᠪᠠᠳᠠᠭ᠂ ᠵᠢᠱᠢᠶᠡᠯᠡᠪᠡᠯ ᠰᠤᠪᠢᠯᠠᠭᠴᠢ ᠲᠣᠯᠣᠭᠠᠢ ᠶᠢᠨ ᠨᠠᠮᠵᠢᠭᠤᠨ ᠰᠤᠳᠠᠯ ᠢ ᠰᠤᠩᠭᠤᠪᠠᠯ ᠬᠡᠣᠬᠡᠳ ᠤᠨ ᠲᠠᠷᠢᠬᠢᠨ ᠤ ᠪᠣᠶᠢᠵᠢᠯᠲᠠ ᠶᠢ ᠨᠦᠯᠦᠬᠡᠯᠡᠬᠦ ᠠᠴᠠ ᠰᠠᠨᠠᠭᠠᠰᠢᠷᠠᠳᠠᠭ᠃ ᠦᠨᠡᠨ ᠳᠤ ᠪᠠᠨ ᠰᠤᠪᠢᠯᠠᠭᠴᠢ ᠠᠴᠠ ᠬᠡᠣᠬᠡᠳ ᠤᠨ ᠨᠠᠮᠵᠢᠭᠤᠨ ᠰᠤᠳᠠᠯ ᠤᠨ ᠪᠠᠶᠢᠳᠠᠯ ᠢ ᠦᠨᠳᠦᠰᠤᠯᠠᠨ ᠰᠤᠩᠭᠤᠵᠤ ᠡᠮ ᠶᠡᠭᠦᠯᠡᠳᠡᠭ᠃      ᠡᠮ ᠶᠡᠬᠦᠯᠡᠬᠦ ᠤᠷᠴᠢᠨ ᠳᠤᠭᠤᠷᠢᠨ ᠢᠶᠠᠨ ᠳᠤᠷ᠎ᠠ ᠪᠠᠷ ᠢᠶᠠᠨ ᠰᠤᠯᠢᠬᠤ      ᠡᠮ ᠶᠡᠭᠦᠯᠡᠬᠦ ᠶᠠᠪᠤᠴᠠ ᠳᠤ᠂ ᠣᠷᠴᠢᠨ ᠲᠣᠭᠤᠷᠢᠨ ᠤ ᠳᠤᠯᠠᠭᠠᠨ ᠤ ᠬᠡᠮᠵᠢᠶ᠎ᠡ᠂ ᠠᠭᠠᠷ ᠤᠨ ᠴᠢᠨᠠᠷ᠂ ᠡᠮ ᠶᠡᠭᠦᠯᠡᠬᠦ ᠬᠤᠷᠳᠤᠴᠠ ᠵᠡᠷᠭᠡ ᠨᠢ ᠪᠦᠷ ᠡᠮ ᠶᠡᠭᠦᠯᠡᠬᠦ ᠴᠢᠨᠠᠷ ᠢ ᠵᠣᠬᠢᠬᠤ ᠬᠡᠮᠵᠢᠶ᠎ᠡ ᠪᠠᠷ ᠨᠥᠯᠥᠭᠡᠯᠡᠵᠤ᠂ ᠬᠠᠯᠠᠭᠤᠷᠠᠬᠤ ᠣᠷᠪᠠᠯ ᠡᠭᠦᠰᠬᠦ᠂ ᠨᠠᠮᠵᠢᠭᠤᠨ ᠰᠤᠳᠠᠯ ᠤᠨ ᠦᠷᠪᠢᠰᠦᠯ ᠡᠭᠦᠰᠬᠦ ᠲᠦᠭᠰᠢᠭᠦᠷᠢ ᠲᠠᠢ ᠤᠴᠢᠷ ᠠᠴᠠ ᠠᠩᠬᠠᠷᠴᠤ ᠪᠣᠯᠭᠤᠮᠵᠢᠯᠠᠬᠤ ᠴᠢᠬᠤᠯᠠᠲᠠᠢ᠂ ᠡᠶᠢᠮᠦ ᠠᠴᠠ ᠡᠮ ᠶᠡᠭᠦᠯᠡᠬᠦ ᠣᠷᠴᠢᠨ ᠲᠣᠭᠤᠷᠢᠨ ᠢᠶᠠᠨ ᠲᠤᠷ᠎ᠠ ᠪᠠᠷ ᠢᠶᠠᠨ ᠰᠣᠯᠢᠵᠤ ᠪᠣᠯᠬᠤ ᠦᠭᠡᠢ᠃
ᠢᠷᠡᠯᠲᠡ᠄ NMTV ᠰᠤᠶᠤᠯ