ᠬᠤᠤᠰ ᠴᠢᠬᠢᠲᠦ ᠬᠦᠷᠡᠯ ᠳᠤᠭᠤᠭ᠎ᠠ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠳᠤ ᠯᠡ ᠪᠠᠶᠢᠳᠠᠭ ᠨᠢᠭᠡ ᠵᠦᠢᠯ ᠤᠨ ᠭᠠᠯ ᠲᠣᠭᠤᠭᠠᠨ ᠤ ᠬᠡᠷᠡᠭᠰᠡᠯ | ᠪᠣᠯᠣᠨ᠎ᠠ᠂ ᠬᠦᠷᠡᠯ ᠠᠴᠠ ᠭᠠᠳᠠᠨ᠎ᠠ ᠪᠠᠰᠠ ᠲᠡᠮᠦᠷᠯᠢᠭ ᠬᠢᠴᠡ ᠲᠠᠢ ᠪᠠᠶᠢᠳᠠᠭ᠃ ᠠᠮᠠᠰᠠᠷ ᠨᠢ ᠶᠡᠭᠡ᠂ ᠬᠡᠳᠡᠰᠤ ᠪᠠᠷ ᠢᠶᠠᠨ ᠶᠠᠯᠢᠮ ᠦᠬᠡᠢ ᠪᠦᠮᠪᠦᠬᠡᠷ ᠪᠤᠶᠤ ᠬᠠᠭᠠᠰ | ᠪᠥᠮᠪᠥᠷᠴᠡᠭ ᠬᠡᠯᠪᠡᠷᠢᠲᠡᠢ᠂ ᠬᠦᠳᠦᠶᠢᠭᠰᠡᠨ ᠳᠤᠭᠤᠢ ᠢᠷᠦᠭᠠᠷ ᠪᠤᠶᠤ ᠲᠡᠭᠰᠢ ᠢᠷᠦᠭᠠᠷ ᠲᠠᠢ᠂ ᠡᠶᠢᠮᠦᠷᠬᠦ ᠳᠤᠭᠤᠭᠠᠨ ᠤ ᠤᠯᠠᠩᠬᠢ ᠬᠡᠰᠡᠭ ᠨᠢ ᠠᠮᠠᠰᠠᠷ ᠤᠨ ᠢᠷᠮᠡᠭ | ᠳᠡᠭᠡᠷ᠎ᠡ ᠨᠢ ᠲᠡᠭᠰᠢ ᠬᠡᠮ ᠲᠠᠢ ᠪᠣᠰᠤᠭ᠎ᠠ ᠬᠤᠶᠠᠷ ᠴᠢᠬᠢ ᠲᠠᠢ᠂ ᠣᠯᠠᠨ ᠴᠠᠭᠠᠷᠢᠭᠳᠤ ᠰᠠᠭᠤᠳᠠᠯ ᠪᠤᠶᠤ ᠴᠣᠭᠤᠯᠪᠤᠷᠢᠯᠠᠭᠰᠠᠨ ᠥᠨᠳᠥᠷ ᠴᠠᠭᠠᠷᠢᠭᠳᠤ ᠰᠠᠭᠤᠳᠠᠯ ᠲᠠᠢ᠃ | ᠳᠤᠭᠤᠭᠠᠨ ᠤ ᠶᠡᠭᠡ ᠪᠠᠭ᠎ᠠ ᠨᠢ ᠠᠳᠠᠯᠢ ᠦᠬᠡᠢ᠂ ᠳ᠋ᠢᠶᠠᠮᠧᠲᠷ ᠨᠢ 20 — 60 cm ᠪᠠᠶᠢᠳᠠᠭ᠃ ᠡᠶᠢᠮᠦᠷᠬᠦᠦ ᠬᠤᠤᠰ ᠴᠢᠬᠢᠳᠤ ᠰᠠᠪᠠ ᠬᠡᠷᠡᠭᠰᠡᠯ ᠨᠢ ᠨᠡᠬᠦᠵᠤ | ᠪᠠᠭᠤᠬᠤ ᠳᠤ ᠳᠤᠬᠢᠷᠠᠮᠵᠢᠳᠡᠢ ᠪᠠᠶᠢᠳᠠᠭ᠃ ᠴᠤᠭᠤᠯᠪᠤᠷᠢᠯᠠᠭᠰᠠᠨ ᠦᠨᠳᠤᠷ ᠴᠠᠭᠠᠷᠢᠭ ᠰᠠᠭᠤᠳᠠᠯ ᠨᠢ ᠮᠦᠨ ᠴᠦ ᠨᠡᠭᠦᠳᠡᠯᠴᠢᠨ ᠦᠨᠳᠦᠰᠦᠲᠡᠨ ᠤ ᠠᠮᠢᠳᠤᠷᠠᠯ ᠤᠨ | ᠣᠨᠴᠠᠯᠢᠭ ᠲᠤ ᠵᠣᠷᠢᠭᠤᠯᠤᠨ ᠬᠢᠭᠰᠡᠨ ᠵᠢᠷᠤᠭ ᠲᠦᠯᠦᠪᠯᠡᠭᠡ ᠪᠠᠶᠢᠵᠤ᠂ ᠲᠣᠭᠤᠭ᠎ᠠ ᠪᠠᠨ ᠳᠠᠯᠪᠢᠬᠤ ᠳᠤ ᠲᠡᠭᠰᠢᠬᠡᠨ ᠰᠢᠭ ᠭᠠᠵᠠᠷ ᠣᠯᠵᠤ᠂ ᠬᠦᠷᠡᠯ ᠳᠤᠭᠤᠭ᠎ᠠ ᠪᠠᠨ | ᠮᠣᠷᠢᠨ ᠠᠴᠠ ᠪᠠᠨ ᠪᠠᠭᠤᠯᠭᠠᠮᠠᠭᠴᠠ ᠭᠠᠵᠠᠷ ᠲᠤ ᠲᠠᠯᠪᠢᠭᠠᠳ᠂ ᠥᠨᠳᠥᠷ ᠴᠠᠭᠠᠷᠢᠭ ᠰᠠᠭᠤᠳᠠᠯ ᠤᠨ ᠳᠣᠣᠷ᠎ᠠ ᠠᠴᠠ ᠭᠠᠯ ᠲᠦᠯᠡᠵᠤ ᠬᠤᠭᠤᠯᠠ ᠤᠮᠳᠠ ᠪᠠᠨ | ᠬᠢᠳᠡᠭ᠃ | |