ᠵᠢᠯ ᠤᠨ ᠳᠥᠷᠪᠡᠨ ᠤᠯᠠᠷᠢᠯ ᠳᠤ ᠨᠠᠮᠤᠷ ᠪᠣᠯ ᠨᠢᠭᠡᠨ ᠲᠦᠢᠯ ᠤᠨ ᠴᠢᠬᠤᠯᠠ ᠪᠡᠶ᠎ᠡ ᠰᠤᠪᠢᠯᠠᠯᠲᠠ ᠶᠢᠨ ᠤᠯᠠᠷᠢᠯ | ᠪᠣᠯᠤᠨ᠎ᠠ᠂ ᠤᠴᠢᠷ ᠨᠢ ᠬᠦᠢᠲᠡᠨ ᠰᠢᠭᠦᠳᠡᠷᠢ ᠥᠩᠭᠡᠷᠡᠭᠰᠡᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠬᠡᠨ ᠪᠣᠯᠤᠭᠰᠠᠨ | ᠴᠤ᠂ ᠪᠥᠬᠦ ᠪᠡᠶ᠎ᠡ ᠮᠠᠰᠢ ᠠᠮᠠᠷᠬᠠᠨ ᠲᠠᠮᠢᠷ ᠲᠡᠩᠬᠡᠭᠡ ᠥᠬᠡᠶ ᠪᠣᠯᠬᠤ ᠪᠠ ᠵᠠᠯᠬᠠᠭᠤᠷᠠᠬᠤ ᠲᠥᠷᠥᠭᠳᠡᠯ ᠣᠷᠣᠳᠠᠭ | ᠶᠤᠮ᠃ ᠬᠡᠷᠪᠡ ᠡᠨᠡ ᠦᠶ᠎ᠡ ᠳᠤ ᠬᠠᠮᠢᠶ᠎ᠠ ᠪᠦᠬᠦᠢ ᠪᠡᠶ᠎ᠡ ᠰᠤᠪᠢᠯᠠᠯᠲᠠ ᠶᠢᠨ ᠠᠵᠢᠯ ᠢ ᠰᠠᠶᠢᠲᠤᠷ ᠬᠢᠵᠦ ᠴᠢᠳᠠᠪᠠᠯ ᠪᠡᠶ᠎ᠡ | ᠮᠠᠬᠠᠪᠣᠳ ᠢᠶᠠᠨ ᠰᠠᠶᠢᠬᠠᠨ ᠲᠣᠬᠢᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠪᠡᠶ᠎ᠡ ᠮᠠᠬᠠᠪᠣᠳ ᠢᠶᠠᠨ ᠤᠯᠠᠮ | ᠴᠢᠭᠢᠷᠠᠭᠵᠢᠭᠤᠯᠵᠤ ᠴᠢᠳᠠᠨ᠎ᠠ᠃ | 1. ᠢᠳᠡᠭᠡᠨ ᠤᠮᠳᠠᠭᠠᠨ ᠤᠰᠤᠯᠢᠭ ᠰᠢᠮᠡᠯᠢᠭ ᠪᠠᠶᠢᠬᠤ ᠬᠡᠷᠡᠭᠲᠡᠶ | ᠠᠭᠤᠷ ᠠᠮᠢᠰᠬᠤᠯ ᠬᠠᠭᠤᠷᠠᠢ ᠪᠤᠯᠪᠠᠯ ᠠᠭᠤᠰᠭᠢ ᠶᠢ ᠠᠮᠠᠷᠬᠠᠨ ᠭᠡᠮᠲᠦᠭᠡᠵᠦ᠂ ᠪᠡᠶ᠎ᠡ ᠶᠢᠨ ᠰᠢᠩᠭᠡᠨ ᠢ ᠠᠮᠠᠷᠬᠠᠨ | ᠬᠤᠷᠣᠭᠳᠠᠭᠤᠯᠵᠤ᠂ ᠪᠡᠶ᠎ᠡ ᠮᠠᠬᠠᠪᠤᠳ ᠬᠠᠳᠠᠵᠤ ᠰᠢᠷᠭᠢᠭᠰᠡᠨ ᠮᠡᠲᠦ ᠪᠤᠯᠳᠠᠭ᠃ ᠡᠶᠢᠮᠦ ᠠᠴᠠ ︽ᠨᠠᠮᠤᠷ ᠤᠨ | ᠤᠯᠠᠷᠢᠯ ᠳᠤ ᠪᠢᠯᠢᠭ ᠢ ᠲᠡᠵᠢᠭᠡᠬᠦ︾ ᠶᠢ ᠵᠢᠷᠤᠮᠯᠠᠵᠤ᠂ ᠪᠢᠯᠢᠭ ᠢ ᠰᠢᠮᠡᠵᠢᠭᠦᠯᠵᠦ ᠬᠠᠭᠤᠷᠠᠶ ᠶᠢ ᠵᠥᠭᠡᠯᠡᠷᠡᠭᠦᠯᠬᠦ᠂ | ᠠᠭᠤᠰᠭᠢ ᠶᠢ ᠰᠢᠮᠡᠵᠢᠭᠦᠯᠬᠦ᠂ ᠬᠠᠯᠠᠭᠤᠨ ᠢ ᠠᠷᠢᠯᠭᠠᠵᠤ ᠬᠠᠯᠠᠭᠤᠨ ᠢ ᠪᠠᠭᠤᠷᠠᠭᠤᠯᠬᠤ ᠢᠳᠡᠰᠢ ᠶᠢ ᠰᠣᠩᠭᠤᠬᠤ | ᠬᠡᠷᠡᠭᠲᠡᠶ᠂ ᠵᠢᠱᠢᠶᠡᠯᠡᠪᠡᠯ ᠮᠥᠩᠭᠦᠨ ᠳᠡᠯᠳᠡᠦ᠂ ᠪᠠᠯ᠂ ᠮᠠᠭᠠᠵᠢ᠂ ᠪᠤᠷᠴᠠᠭ ᠤᠨ ᠵᠤᠳᠠᠩ᠂ ᠯᠢᠩᠬᠤᠸ᠎ᠠ ᠶᠢᠨ | ᠦᠨᠳᠦᠰᠦ᠂ ᠬᠤᠰᠢᠭ᠎ᠠ᠂ ᠯᠣᠬᠠᠱᠧᠩ᠂ ᠨᠤᠭᠤᠰᠤᠨ ᠥᠨᠳᠡᠭᠡ᠂ ᠥᠷᠭᠡᠰᠦᠲᠦ ᠨᠣᠭᠤᠭ᠎ᠠ᠂ ᠯᠤᠤᠪᠠᠩ᠂ ᠠᠷᠤᠷ᠎ᠠ᠂ | ᠠᠯᠢᠮ᠎ᠠ᠂ ᠨᠢᠰᠢᠩᠭᠦ ᠵᠡᠷᠭᠡ᠃ | ᠠᠮᠠ ᠬᠠᠲᠠᠬᠤ᠂ ᠤᠮᠳᠠᠭᠠᠰᠬᠤ᠂ ᠬᠤᠭᠤᠯᠠᠶ ᠬᠠᠪᠤᠳᠴᠤ ᠡᠪᠡᠳᠬᠦ ᠵᠡᠷᠭᠡ ᠰᠢᠨᠵᠢ ᠲᠡᠮᠳᠡᠭ ᠢᠯᠡᠷᠡᠬᠦ ᠦᠶ᠎ᠡ ᠳᠤ | ᠰᠠᠷᠠᠨ᠎ᠠ᠂ ᠪᠤᠭᠤᠨᠢ ᠰᠠᠷᠠᠨ᠎ᠠ ᠶᠢᠨ ᠦᠨᠳᠦᠰᠦ᠂ ᠴᠢᠨ᠋ᠸ᠎ᠠ ᠶᠢᠨ ᠬᠠᠷᠮᠠᠭ ᠢ ᠤᠰᠤᠨ ᠳᠤ ᠳᠡᠪᠲᠦᠭᠡᠵᠦ ᠤᠤᠭᠤᠵᠤ | ᠪᠣᠯᠤᠨ᠎ᠠ᠃ ᠨᠠᠰᠤᠲᠠᠶᠢᠴᠤᠳ ᠤᠨ ᠠᠷᠠᠰᠤ ᠵᠠᠭᠠᠲᠤᠨᠠᠬᠤ ᠨᠢ ᠣᠯᠠᠩᠬᠢ ᠳᠠᠭᠠᠨ ᠬᠡᠢ ᠴᠢᠰᠤ ᠳᠤᠲᠠᠭᠳᠠᠭᠰᠠᠨ ᠠᠴᠠ | ᠪᠣᠯᠤᠭᠰᠠᠨ ᠶᠤᠮ᠂ ᠢᠳᠡᠭᠡᠨ ᠤᠮᠳᠠᠭᠠᠨ ᠤ ᠵᠠᠰᠠᠯ ᠳᠡᠭᠡᠷ᠎ᠡ ᠴᠢᠪᠠᠭ᠎ᠠ᠂ ᠴᠢᠨ᠋ᠸ᠎ᠠ ᠶᠢᠨ ᠬᠠᠷᠮᠠᠭ᠂ ᠰᠠᠷᠠᠨ᠎ᠠ᠂ ᠨᠠᠩᠭᠢ | ᠴᠠᠭᠠᠨ ᠵᠡᠷᠭᠡ ᠶᠢᠨ ᠬᠡᠢ ᠴᠢᠰᠤ ᠶᠢ ᠨᠥᠬᠦᠬᠦ ᠢᠳᠡᠭᠡᠨ ᠢ ᠵᠣᠬᠢᠰᠲᠠᠶ ᠰᠣᠩᠭᠤᠵᠤ ᠪᠣᠯᠤᠨ᠎ᠠ᠃ | ᠠᠯᠢᠮ᠎ᠠ ᠪᠣᠯ ᠨᠠᠮᠤᠷ ᠤᠨ ᠤᠯᠠᠷᠢᠯ ᠳᠤ ᠠᠭᠤᠰᠭᠢ ᠶᠢ ᠵᠥᠭᠡᠯᠡᠯᠡᠬᠦ ᠬᠠᠮᠤᠭ ᠰᠠᠶᠢᠨ ᠵᠢᠮᠢᠰ ᠮᠥᠨ᠃ | ᠬᠡᠦᠬᠡᠳ ᠤᠨ ᠬᠤᠳᠣᠭᠤᠳᠣ ᠳᠡᠯᠢᠭᠦᠦ ᠮᠠᠭᠤ᠂ ᠨᠠᠰᠤᠨ ᠳᠤ ᠬᠦᠷᠦᠭᠰᠡᠳ ᠤᠨ ᠪᠡᠶ᠎ᠡ ᠨᠢ ᠬᠦᠢᠲᠡᠨ ᠵᠡᠷᠭᠡ ᠳᠤ ᠬᠠᠮᠤᠭ | ᠰᠠᠶᠢᠨ ᠨᠢ ᠵᠢᠩᠨᠡᠵᠦ ᠢᠳᠡᠨ᠎ᠡ᠂ ᠪᠠᠰᠠ ᠠᠯᠢᠮ᠎ᠠ ᠶᠢᠨ ᠰᠢᠭᠦᠰᠦ ᠴᠢᠨᠠᠵᠤ ᠤᠤᠭᠤᠵᠤ ᠪᠣᠯᠤᠨ᠎ᠠ᠃ | 2. ᠠᠭᠤᠰᠭᠢ ᠶᠢ ᠲᠡᠵᠢᠭᠡᠬᠦ ᠳᠤ ᠪᠡᠶ᠎ᠡ ᠪᠠᠨ ᠬᠥᠳᠡᠯᠭᠡᠬᠦ ᠬᠡᠷᠡᠭᠲᠡᠶ | ᠤᠯᠠᠷᠢᠯ ᠤᠨ ᠬᠤᠪᠢᠷᠠᠯᠲᠠ ᠳᠤ ᠨᠡᠩ ᠰᠠᠶᠢᠨ ᠵᠣᠬᠢᠴᠠᠬᠤ ᠶᠢᠨ ᠲᠥᠯᠥᠭᠡ᠂ ᠵᠣᠬᠢᠰᠲᠠᠶ ᠪᠣᠯᠪᠠᠰᠤᠷᠠᠵᠤ᠂ | ᠠᠭᠤᠰᠭᠢᠨ ᠤ ᠬᠡᠢ ᠶᠢ ᠲᠣᠬᠢᠷᠠᠭᠤᠯᠤᠨ᠂ ᠪᠡᠶ᠎ᠡ ᠮᠠᠬᠠᠪᠣᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ | ᠳᠡᠭᠡᠭᠰᠢᠯᠡᠭᠦᠯᠵᠦ᠂ ᠵᠠᠷᠢᠮ ᠬᠦᠴᠢᠯᠲᠥ᠋ᠷᠥᠭᠴᠢᠲᠦ ᠬᠥᠳᠡᠯᠭᠡᠭᠡᠨ ᠢ ᠬᠢᠬᠦ ᠬᠡᠷᠡᠭᠲᠡᠶ᠂ ᠢᠳᠡᠷ ᠵᠠᠯᠠᠭᠤ ᠬᠥᠮᠦᠨ ᠠᠭᠤᠯᠠ | ᠠᠪᠠᠷᠢᠬᠤ ᠬᠥᠳᠡᠯᠭᠡᠭᠡᠨ ᠢ ᠰᠣᠩᠭᠤᠵᠤ᠂ ᠠᠭᠤᠰᠭᠢᠨ ᠤ ᠠᠮᠢᠰᠬᠤᠯ ᠤᠨ ᠪᠠᠭᠲᠠᠭᠠᠮᠵᠢ ᠶᠢ ᠨᠡᠮᠡᠭᠳᠡᠭᠦᠯᠦᠨ᠂ ᠴᠢᠰᠤᠨ ᠤ | ᠡᠷᠭᠢᠯᠲᠡ ᠶᠢ ᠲᠦᠷᠭᠡᠳᠭᠡᠵᠦ᠂ ᠬᠤᠣᠷᠲᠤ ᠡᠳ᠋ ᠢ ᠭᠠᠳᠠᠭᠰᠢᠯᠠᠭᠤᠯᠬᠤ ᠳᠤ ᠠᠰᠢᠭᠲᠠᠶ ᠪᠣᠯᠭᠠᠨ᠎ᠠ᠃ ᠨᠠᠰᠤᠲᠠᠶᠢᠴᠤᠳ | ᠨᠡᠷᠡᠭᠦᠢ ᠨᠢᠳᠤᠷᠭ᠎ᠠ ᠪᠤᠯᠪᠠᠰᠦᠷᠠᠬᠤ ᠨᠢ ᠲᠦᠷᠪᠡᠨ ᠮᠥᠴᠢ ᠶᠢ ᠳᠡᠯᠭᠡᠨ ᠬᠡᠢ ᠴᠢᠰᠤ ᠶᠢ ᠨᠡᠪᠲᠡᠷᠡᠭᠦᠯᠤᠨᠡ᠃ | ᠬᠢᠲᠠᠳ ᠡᠮᠨᠡᠯᠭᠡ ᠳᠤ ᠨᠠᠮᠤᠷ ᠪᠤᠯ ᠲᠠᠪᠤᠨ ᠮᠠᠬᠠᠪᠣᠳ ᠤᠨ ᠠᠯᠲᠠ ᠳᠤ ᠬᠠᠷᠢᠶᠠᠯᠠᠭᠳᠠᠨ᠎ᠠ᠂ ᠠᠯᠲᠠ ᠨᠢ | ᠠᠭᠤᠰᠭᠢ ᠲᠠᠢ ᠵᠣᠬᠢᠴᠠᠨ᠎ᠠ᠂ ᠡᠶᠢᠮᠦ ᠠᠴᠠ ᠠᠭᠤᠰᠭᠢᠨ ᠤ ᠬᠡᠢ ᠪᠠᠭᠤᠷᠠᠶ ᠬᠥᠮᠦᠰ ᠨᠠᠮᠤᠷ ᠤᠨ ᠤᠯᠠᠷᠢᠯ ᠳᠤ ᠠᠮᠠᠷᠬᠠᠨ | ᠵᠠᠷᠢᠮ ᠠᠭᠤᠰᠭᠢᠨ ᠰᠢᠰᠲ᠋ᠧᠮ ᠤᠨ ᠡᠪᠡᠳᠴᠢᠨ ᠵᠢᠱᠢᠶᠡᠯᠡᠪᠡᠯ᠂ ᠲᠠᠭᠰᠢᠭᠤᠷ᠂ ᠬᠠᠨᠢᠶᠠᠳᠦ᠂ ᠠᠭᠰᠠᠭ᠎ᠠ ᠵᠡᠷᠭᠡ | ᠪᠣᠯᠤᠨ᠎ᠠ᠃ ᠬᠤᠭᠤᠯᠠᠶ ᠬᠠᠪᠤᠳᠴᠤ ᠡᠪᠡᠳᠬᠦ᠂ ᠬᠠᠲᠠᠬᠤ᠂ ᠰᠥᠭᠡᠩᠭᠢᠳᠡᠬᠦ ᠵᠡᠷᠭᠡ ᠡᠪᠡᠳᠴᠢᠨ ᠤ ᠰᠢᠨᠵᠢ ᠢᠯᠡᠷᠡᠵᠤ᠂ | ᠬᠡᠷᠪᠡ ᠪᠢᠯᠢᠭ ᠪᠠᠷᠠᠭᠳᠠᠵᠤ ᠠᠭᠤᠰᠭᠢ ᠬᠠᠭᠤᠷᠠᠶᠢᠳᠠᠬᠤ ᠵᠠᠯᠭᠢᠭᠤᠷ ᠲᠥᠪᠣᠩᠬᠡᠶ ᠶᠢᠨ ᠦᠷᠪᠢᠰᠦᠯ ᠳᠤ | ᠲᠣᠭᠠᠴᠠᠭᠳᠠᠪᠠᠯ᠂ ᠪᠠᠯ ᠲᠠᠢ ᠯᠢᠩᠬᠤᠸ᠎ᠠ ᠶᠢᠨ ᠰᠢᠭᠦᠰᠦ ᠲᠤᠬᠢᠷᠠᠭᠤᠯᠵᠤ ᠤᠤᠭᠤᠪᠠᠯ ᠰᠠᠶᠢᠨ᠃ ᠪᠠᠯ ᠨᠢ ᠬᠠᠭᠤᠷᠠᠶ ᠶᠢ | ᠵᠥᠭᠡᠯᠡᠷᠡᠭᠦᠯᠬᠦ᠂ ᠪᠢᠯᠢᠭ ᠢ ᠰᠢᠮᠡᠵᠢᠭᠦᠯᠵᠦ ᠵᠢᠰᠦ ᠭᠤᠶᠣᠯᠠᠬᠤ᠂ ᠳᠠᠷᠤᠯᠲᠠ ᠶᠢ ᠪᠠᠭᠤᠷᠠᠭᠤᠯᠤᠨ ᠬᠤᠷᠭᠤᠰᠤᠯᠠᠬᠤ ᠶᠢ | ᠵᠠᠰᠠᠳᠠᠭ᠂ ᠯᠢᠩᠬᠤᠸ᠎ᠠ ᠶᠢᠨ ᠦᠨᠳᠦᠰᠦ ᠨᠢ ᠬᠠᠷᠢᠨ ᠬᠠᠯᠠᠭᠤᠨ ᠢ ᠠᠷᠢᠯᠭᠠᠵᠤ ᠴᠢᠰᠤ ᠶᠢ ᠰᠡᠷᠢᠭᠦᠴᠡᠭᠦᠯᠬᠦ᠂ ᠰᠡᠳᠭᠢᠯ | ᠰᠠᠨᠠᠭ᠎ᠠ ᠶᠢ ᠲᠠᠶᠢᠪᠤᠰᠢᠷᠠᠭᠤᠯᠬᠤ ᠦᠢᠯᠡᠳᠦᠯ ᠲᠠᠢ ᠲᠤᠯᠠ ᠯᠢᠩᠬᠤᠸ᠎ᠠ ᠶᠢᠨ ᠦᠨᠳᠦᠰᠦ 500 ᠭᠷᠠᠮ᠂ ᠵᠥᠭᠡᠶ ᠶᠢᠨ | ᠪᠠᠯ 20 ᠭᠷᠠᠮ ᠢ ᠠᠪᠴᠤ᠂ ᠤᠷᠢᠳ ᠢᠶᠠᠷ ᠰᠢᠨ᠎ᠡ ᠰᠣᠷᠭᠤᠭ ᠯᠢᠩᠬᠤᠸ᠎ᠠ ᠶᠢᠨ ᠦᠨᠳᠦᠰᠦ ᠶᠢ ᠤᠬᠢᠶᠠᠵᠤ | ᠴᠡᠪᠡᠷᠯᠡᠭᠰᠡᠨ ᠤ ᠳᠠᠷᠠᠭ᠎ᠠ ᠰᠢᠭᠦᠰᠦ ᠪᠣᠯᠭᠠᠨ ᠰᠢᠬᠠᠵᠤ᠂ ᠳᠠᠬᠢᠨ ᠪᠠᠯ ᠬᠢᠵᠦ ᠤᠤᠭᠤᠵᠤ ᠪᠣᠯᠤᠨ᠎ᠠ᠃ | 3. ᠠᠷᠭ᠎ᠠ ᠶᠢ ᠲᠡᠵᠢᠭᠡᠬᠦ ᠳᠤ ᠳᠤᠯᠠᠭᠠᠨ ᠢ ᠠᠩᠬᠠᠷᠬᠤ ᠬᠡᠷᠡᠭᠲᠡᠶ | ᠠᠮᠤᠷ ᠪᠤᠯᠪᠠᠯ ᠠᠷᠭ᠎ᠠ ᠬᠡᠶ ᠠᠭᠠᠵᠢᠮ ᠢᠶᠠᠷ ᠬᠤᠷᠢᠶᠠᠭᠳᠠᠵᠤ᠂ ᠪᠢᠯᠢᠭ ᠬᠡᠶ ᠠᠭᠠᠵᠢᠮ ᠢᠶᠠᠷ ᠣᠷᠳᠣ ᠪᠣᠯᠳᠠᠭ᠂ | ᠭᠠᠭᠴᠠ ᠬᠦ ᠠᠷᠭ᠎ᠠ ᠬᠡᠶ ᠶᠢ ᠭᠦᠢᠴᠡᠳ ᠲᠥᠪᠯᠡᠷᠡᠭᠦᠯᠪᠡᠯ ᠰᠠᠶ᠋ᠢ ᠡᠪᠦᠯ ᠤᠨ ᠬᠦᠢᠲᠡᠨ ᠠᠴᠠ ᠠᠶᠤᠬᠤ ᠥᠬᠡᠶ | ᠪᠠᠶᠢᠳᠠᠭ᠃ ᠠᠷᠭ᠎ᠠ ᠬᠡᠶ ᠶᠢ ᠬᠤᠷᠢᠶᠠᠬᠤ ᠳᠤ ᠠᠷᠤ ᠨᠢᠷᠤᠭᠤ ᠶᠢ ᠳᠤᠯᠠᠭᠠᠯᠠᠬᠤ ᠬᠡᠷᠡᠭᠲᠡᠶ᠃ ᠡᠭᠦᠨ ᠠᠴᠠ ᠭᠠᠳᠠᠨ᠎ᠠ᠂ | ᠤᠨᠲᠠᠬᠤ ᠳᠠᠭᠠᠨ ᠴᠣᠩᠬᠤ ᠪᠠᠨ ᠬᠠᠭᠠᠵᠤ᠂ ᠬᠦᠢᠲᠡᠨ ᠬᠡᠮ ᠳᠤ ᠲᠠᠭᠠᠷᠢᠭᠳᠠᠬᠤ ᠠᠴᠠ ᠰᠡᠷᠭᠡᠶᠢᠯᠡᠬᠦ ᠬᠡᠷᠡᠭᠲᠡᠶ᠃ | ᠨᠠᠮᠤᠷ ᠪᠣᠯᠪᠡᠯ ᠬᠤᠳᠣᠭᠤᠳᠣ ᠭᠡᠳᠡᠰᠦᠨ ᠤ ᠠᠵᠢᠯᠯᠠᠭ᠎ᠠ ᠠᠨᠠᠶ ᠬᠥᠮᠦᠰ ᠤᠨ ᠬᠤᠳᠣᠭᠤᠳᠣᠨ ᠬᠦᠴᠢᠯ᠂ | ᠬᠤᠳᠣᠭᠤᠳᠣ ᠴᠢᠨᠦᠷᠡᠬᠦ᠂ ᠬᠤᠳᠣᠭᠤᠳᠣ ᠡᠪᠡᠳᠬᠦ ᠨᠢ ᠣᠯᠠᠰᠢᠷᠠᠳᠠᠭ᠃ ᠵᠢᠭᠠᠬᠠᠨ ᠼᠤᠤ ᠲᠠᠢ ᠭᠠ ᠶᠢ ᠳᠡᠪᠲᠦᠭᠡᠵᠦ | ᠬᠦᠢᠲᠡᠨ ᠬᠡᠢ ᠶᠢ ᠬᠥᠭᠡᠭᠡᠵᠦ ᠠᠷᠭ᠎ᠠ ᠭᠡᠢ ᠢᠢ ᠳᠡᠭᠡᠭᠰᠢᠯᠡᠭᠦᠯᠦᠨ᠎ᠡ᠂ ᠡᠭᠦᠨ ᠳᠤ ᠰᠢᠨ᠎ᠡ ᠰᠣᠷᠭᠤᠭ ᠲᠦᠭᠦᠬᠡᠶ | ᠭᠠ ᠶᠢ ᠬᠡᠰᠡᠭᠯᠡᠨ ᠬᠡᠷᠴᠢᠵᠦ᠂ ᠵᠢᠵᠢᠭ ᠯᠣᠩᠬᠤ ᠣᠯᠵᠤ ᠼᠤᠤ ᠪᠠᠷ ᠳᠡᠪᠲᠦᠭᠡᠭᠡᠳ ᠥᠷᠯᠥᠭᠡ ᠪᠦᠷᠢ ᠥᠯᠥᠨ ᠢᠶᠠᠷ | ᠬᠤᠶᠠᠷ ᠭᠤᠷᠪᠠᠨ ᠬᠡᠰᠡᠭ ᠢ ᠢᠳᠡᠨ᠎ᠡ᠃ ᠢᠯᠠᠩᠭᠤᠶ᠎ᠠ ᠢᠰᠭᠦᠯᠡᠩ ᠤᠰᠤ ᠪᠠᠷ ᠪᠥᠭᠡᠯᠵᠢᠬᠦ᠂ ᠰᠠᠭᠤᠯᠭᠠᠬᠤ᠂ ᠬᠦᠯ | ᠭᠠᠷ ᠳᠠᠭᠠᠷᠠᠳᠠᠭ ᠬᠥᠮᠦᠰ ᠲᠤ ᠡᠨᠡ ᠠᠷᠭ᠎ᠠ ᠮᠠᠰᠢ ᠲᠤᠰᠠᠲᠠᠢ᠃ | ᠬᠢᠲᠠᠳ ᠡᠮᠨᠡᠯᠭᠡ ᠶᠢᠨ ᠪᠡᠶ᠎ᠡ ᠰᠤᠪᠢᠯᠠᠯᠲᠠ ᠶᠢᠨ ᠡᠷᠳᠡᠮᠲᠡᠳ ᠨᠠᠮᠤᠷ ᠤᠨ ᠤᠯᠠᠷᠢᠯ ᠳᠤ ᠥᠷᠯᠥᠭᠡ ᠪᠦᠷᠢ ᠰᠢᠩᠭᠡᠨ | ᠪᠤᠳᠠᠭ᠎ᠠ ᠢᠳᠡᠬᠦ ᠶᠢ ᠰᠠᠨᠠᠭᠠᠴᠢᠯᠠᠳᠠᠭ᠂ ᠤᠴᠢᠷ ᠨᠢ ᠨᠠᠮᠤᠷ ᠤᠨ ᠡᠬᠢ ᠪᠠᠷ ᠳᠡᠯᠢᠭᠦᠦ ᠬᠤᠳᠣᠭᠤᠳᠣ ᠬᠤᠭᠤᠰᠣᠷᠠᠵᠤ᠂ | ᠡᠪᠡᠳᠴᠢᠨ ᠢ ᠡᠰᠡᠷᠭᠦᠴᠡᠬᠦ ᠴᠢᠳᠠᠪᠤᠷᠢ ᠮᠠᠭᠤᠳᠠᠳᠠᠭ᠃ ᠡᠨᠡ ᠦᠶ᠎ᠡ ᠳᠤ ᠬᠡᠷᠪᠡ ᠪᠦᠯᠢᠶᠡᠨ ᠢᠳᠡᠭᠡᠨ ᠢᠳᠡᠬᠦ᠂ | ᠣᠨᠴᠠᠭᠠᠶᠢᠯᠠᠨ ᠬᠠᠯᠠᠭᠤᠨ ᠡᠮᠲᠦ ᠬᠤᠭᠤᠯᠠ ᠢᠳᠡᠪᠡᠯ ᠪᠡᠶ᠎ᠡ ᠳᠤ ᠰᠠᠶᠢᠨ᠂ ᠵᠢᠱᠢᠶᠡᠯᠡᠪᠡᠯ ᠰᠠᠷᠠᠨ᠎ᠠ ᠯᠢᠩᠬᠤᠸ᠎ᠠ ᠶᠢᠨ | ᠦᠷ᠎ᠡ ᠲᠠᠢ ᠰᠢᠩᠭᠡᠨ ᠪᠤᠳᠠᠭ᠎ᠠ ᠮᠡᠲᠦ᠃ ᠡᠭᠦᠨ ᠠᠴᠠ ᠭᠠᠳᠠᠨ᠎ᠠ ᠲᠤᠲᠤᠷᠭ᠎ᠠ᠂ ᠰᠢᠯᠦᠬᠡᠶ ᠲᠤᠲᠤᠷᠭ᠎ᠠ ᠨᠢ ᠪᠦᠷ | ᠳᠡᠯᠢᠭᠦᠦ ᠬᠤᠳᠣᠭᠤᠳᠣ ᠶᠢ ᠰᠠᠶᠢᠵᠢᠷᠠᠭᠤᠯᠵᠤ᠂ ᠬᠡᠢ ᠶᠢ ᠨᠥᠬᠦᠬᠦ ᠦᠢᠯᠡᠳᠦᠯ ᠢᠶᠠᠷ ᠮᠠᠰᠢ ᠰᠠᠶᠢᠨ ᠪᠠᠶᠢᠳᠠᠭ᠃ | 4. ᠬᠡᠢ ᠴᠢᠰᠤ ᠶᠢ ᠨᠦᠬᠦᠬᠦ ᠳᠤ ᠡᠷᠲᠡ ᠤᠨᠲᠠᠬᠤ ᠬᠡᠷᠡᠭᠲᠡᠶ | ︽ᠬᠤᠸᠠᠩᠳᠢ ᠶᠢᠨ ᠳᠤᠲᠤᠷ ᠡᠮᠨᠡᠯᠭᠡ︾ ᠳᠤ ᠡᠷᠲᠡ ᠤᠨᠲᠠᠵᠤ ᠡᠷᠲᠡ ᠪᠣᠰᠬᠤ ᠨᠢ ᠨᠠᠮᠤᠷ ᠤᠨ ᠤᠯᠠᠷᠢᠯ ᠤᠨ | ᠣᠨᠴᠠᠯᠢᠭ ᠲᠤ ᠵᠣᠬᠢᠴᠠᠬᠤ ᠶᠢᠨ ᠲᠥᠯᠥᠭᠡ ᠭᠡᠵᠤ ᠲᠡᠮᠳᠡᠭᠯᠡᠵᠡᠢ᠃ ᠣᠷᠣᠢ ᠶᠢᠨ 11 ᠴᠠᠭ ᠠᠴᠠ ᠡᠮᠦᠨ᠎ᠡ ᠤᠨᠲᠠᠵᠤ᠂ | ᠥᠷᠯᠥᠭᠡ ᠶᠢᠨ 6 ᠴᠠᠭ ᠤᠨ ᠦᠶ᠎ᠡ ᠪᠠᠷ ᠪᠣᠰᠪᠠᠯ ᠨᠡᠯᠢᠶᠡᠳ ᠲᠣᠬᠢᠷᠠᠮᠵᠢᠲᠠᠶ᠃ | ᠦᠷᠭᠦᠯᠵᠢ ᠰᠥᠨᠢᠵᠢᠨ ᠠᠵᠢᠯᠯᠠᠳᠠᠭ ᠬᠥᠮᠦᠨ ᠴᠠᠭ ᠲᠤᠬᠠᠶ ᠳᠤᠨᠢ ᠴᠢᠨᠠᠷ ᠰᠠᠶᠢᠲᠠᠶ ᠤᠭᠤᠷᠠᠭ ᠪᠣᠯᠤᠨ ᠸᠢᠲ᠋ᠠᠮᠢᠨ | A ᠨᠥᠬᠦᠬᠦ ᠬᠡᠷᠡᠭᠲᠡᠶ᠃ ᠣᠷᠣᠢ ᠤᠨᠲᠠᠬᠤ ᠠᠴᠠ ᠪᠠᠨ ᠡᠮᠦᠨ᠎ᠡ ᠬᠥᠯ ᠢᠶᠠᠨ ᠳᠡᠪᠲᠦᠭᠡᠪᠡᠯ ᠨᠦᠢᠷ ᠬᠤᠯᠵᠢᠬᠤ ᠶᠢ | ᠰᠡᠷᠭᠡᠶᠢᠯᠡᠨ᠎ᠡ᠃ | ᠡᠭᠦᠨ ᠠᠴᠠ ᠭᠠᠳᠠᠨ᠎ᠠ᠂ ᠥᠪᠡᠷ ᠢ ᠪᠠᠨ ᠲᠣᠬᠢᠷᠠᠭᠤᠯᠬᠤ ᠪᠠᠷ ᠳᠡᠮᠵᠢᠨ ᠬᠡᠢ ᠴᠢᠰᠦ ᠶᠢ ᠨᠦᠬᠦᠵᠤ ᠪᠣᠯᠤᠨ᠎ᠠ᠂ | ᠢᠳᠡᠭᠡᠨ ᠤᠮᠳᠠᠭᠠᠨ ᠤ ᠲᠠᠯ᠎ᠠ ᠪᠠᠷ ᠭᠤᠱᠤᠭᠤᠨ᠂ ᠰᠡᠷᠢᠭᠦᠨ᠂ ᠬᠦᠢᠲᠡᠨ ᠢᠳᠡᠭᠡᠨ ᠢ ᠪᠠᠭ᠎ᠠ ᠢᠳᠡᠵᠦ᠂ ᠰᠢᠩᠭᠡᠨ | ᠰᠢᠮᠡᠯᠢᠭ ᠢᠳᠡᠭᠡᠨ ᠢᠶᠠᠷ ᠭᠤᠤᠯ ᠪᠣᠯᠭᠠᠨ᠎ᠠ᠃ ᠤᠯᠠᠭᠠᠨ ᠴᠢᠪᠠᠭ᠎ᠠ ᠲᠠᠢ ᠥᠨᠳᠡᠭᠡᠨ ᠱᠥᠯᠥ ᠬᠡᠢ ᠴᠢᠰᠤ ᠶᠢ | ᠰᠢᠮᠡᠵᠢᠭᠦᠯᠵᠦ ᠴᠢᠳᠠᠨ᠎ᠠ᠃ ᠰᠦᠨ ᠣᠷᠬᠤᠳᠠᠶ 9 ᠭᠷᠠᠮ᠂ ᠤᠯᠠᠭᠠᠨ ᠴᠢᠪᠠᠭ᠎ᠠ 20 ᠭᠷᠠᠮ᠂ ᠤᠯᠠᠭᠠᠨ ᠪᠤᠷᠴᠠᠭ 20 | ᠭᠷᠠᠮ᠂ ᠬᠤᠯᠢᠮ᠎ᠠ ᠶᠢᠨ ᠴᠥᠮ᠎ᠡ 20 ᠭᠷᠠᠮ ᠢ ᠤᠬᠢᠶᠠᠨ ᠴᠡᠪᠡᠷᠯᠡᠭᠡᠳ ᠬᠠᠮᠲᠤ ᠲᠣᠭᠤᠭᠠᠨ ᠳᠠᠭᠠᠨ ᠬᠢᠵᠦ᠂ ᠪᠤᠷᠠᠮ | 20 ᠭᠷᠠᠮ᠂ ᠵᠣᠬᠢᠬᠤ ᠬᠡᠮᠵᠢᠶᠡᠨ ᠤ ᠤᠰᠤ ᠨᠡᠮᠡᠵᠦ ᠴᠢᠨᠠᠵᠤ ᠪᠤᠯᠭᠤᠨ᠎ᠠ᠃ ᠡᠨᠡ ᠨᠢ ᠨᠠᠮᠤᠷ ᠤᠨ ᠰᠡᠷᠢᠭᠦᠦ ᠳᠤ ᠪᠡᠶ᠎ᠡ | ᠲᠠᠮᠢᠷᠳᠠᠨ ᠰᠤᠯᠠᠷᠠᠬᠤ ᠶᠢ ᠵᠠᠰᠠᠬᠤ ᠳᠤ ᠲᠤᠰᠠᠳᠠᠢ᠃ ︵︽ᠠᠮᠢ ᠨᠠᠰᠤ ᠴᠠᠭ ᠤᠨ ᠰᠣᠨᠢᠨ︾ ᠠᠴᠠ ᠤᠷᠴᠢᠭᠤᠯᠤᠨ | ᠨᠠᠶᠢᠷᠠᠭᠤᠯᠪᠠ︶ | | | |