| ᠬᠤᠷᠠᠭ᠎ᠠ ︵ — 1919 ᠤᠨ︶᠂ ᠮᠤᠩᠭᠤᠯ ᠦᠨᠳᠤᠰᠤᠳᠠᠨ᠂ ᠶᠡᠭᠡ ᠵᠤᠤ ᠶᠢᠨ ᠴᠢᠭᠤᠯᠭᠠᠨ ᠤ ᠲᠠᠯᠠᠳ ᠬᠤᠰᠢᠭᠤᠨ ᠤ ᠬᠦᠮᠦᠨ ᠪᠤᠯᠤᠨ᠎ᠠ᠃ | 1913 ᠤᠨ ᠤ ᠨᠠᠮᠤᠷ ᠵᠡᠬᠦᠨ ᠮᠠᠶᠢᠷᠠᠨ ᠠᠶᠤᠷᠽᠠᠨ᠎ᠠ ᠬᠢᠭᠡᠳ ᠬᠤᠷᠠᠭ᠎ᠠ ᠨᠠᠷ ᠲᠤᠭᠤᠶᠢᠯᠠᠩ ᠪᠠᠶᠢᠭᠤᠯᠤᠨ ᠵᠠᠰᠠᠭ ᠨᠤᠶᠠᠨ ᠰᠦᠮᠪᠤᠷᠪᠡᠳᠤ ᠶᠢᠨ ᠬᠠᠷᠭᠢᠰ | ᠨᠤᠶᠠᠷᠬᠠᠯ ᠢ ᠡᠰᠡᠷᠬᠦᠴᠡᠬᠦ ᠪᠠᠷ ᠲᠤᠭᠳᠠᠭᠠᠳ ᠲᠠᠯᠠᠳ ᠬᠤᠰᠢᠭᠤᠨ ᠤ ᠪᠠᠷᠠᠭᠤᠨ ᠭᠡᠰᠡᠭ ᠤᠨ 3 ᠰᠤᠮᠤ ᠶᠢ 5 ᠤᠷᠤᠨ ᠬᠤᠪᠢᠶᠠᠵᠤ ᠠᠷᠠᠳ ᠲᠦᠮᠡᠨ ᠢ ᠲᠠᠶᠢᠴᠢᠯᠠᠨ | ᠤᠬᠠᠭᠤᠯᠤᠭᠰᠠᠨ ᠳᠤ ᠠᠷᠠᠳ ᠤᠯᠠᠨ ᠰᠠᠶᠢᠨ ᠲᠤᠷ᠎ᠠ ᠠᠴᠠ ᠪᠠᠨ ᠠᠷᠠᠳ ᠤᠨ ᠲᠤᠭᠤᠶᠢᠯᠠᠩ ᠳᠤ ᠢᠳᠠᠪᠬᠢᠳᠡᠢ ᠤᠷᠤᠯᠴᠠᠵᠠᠭᠠᠪᠠ᠃ 1915 ᠤᠨ ᠤ 1 ᠰᠠᠷ᠎ᠠ | ᠳᠤ᠂ ᠲᠠᠯᠠᠳ ᠬᠤᠰᠢᠭᠤᠨ ᠤ ᠠᠷᠠᠳ ᠤᠨ ᠲᠤᠭᠤᠶᠢᠯᠠᠩ ᠤᠨ ᠬᠢᠨ ᠪᠤᠰᠤᠯᠭ᠎ᠠ ᠭᠠᠷᠭᠠᠬᠤ ᠪᠠᠷ ᠨᠡᠶᠢᠳᠡᠯᠡᠬᠦ ᠦᠶ᠎ᠡ ᠳᠤ 2500 ᠡᠷᠦᠭᠡ ᠲᠤᠭᠤᠶᠢᠯᠠᠩ ᠳᠤ | ᠤᠷᠤᠯᠴᠠᠭᠰᠠᠨ ᠪᠦᠭᠡᠳ ᠲᠦᠮᠡ ᠰᠢᠬᠠᠮ ᠬᠢᠳᠡᠳ ᠲᠠᠷᠢᠶᠠᠴᠢᠨ ᠤ ᠲᠠᠮᠵᠢᠯᠭᠡ ᠶᠢ ᠤᠯᠪᠠ᠃ ᠲᠡᠭᠡᠭᠡᠳ ᠬᠤᠷᠠᠭ᠎ᠠ ᠲᠤᠭᠤᠶᠢᠯᠠᠩ ᠤᠨ ᠲᠡᠳ᠋ ᠶᠡᠷᠦᠩᠭᠡᠢ | ᠤᠳᠤᠷᠢᠳᠤᠭᠴᠢ ᠪᠠᠷ ᠰᠤᠩᠭᠤᠭᠳᠠᠵᠤ᠂ ᠠᠶᠤᠷᠽᠠᠨ᠎ᠠ ᠲᠠᠢ ᠬᠠᠮᠳᠤ 13 ᠵᠤᠷᠪᠤᠰ ᠬᠦᠰᠡᠮᠵᠢᠯᠡᠯ ᠤᠨ ᠪᠢᠴᠢᠭ ᠪᠢᠴᠢᠭᠡᠳ ᠶᠡᠭᠡ ᠵᠤᠤ ᠶᠢᠨ ᠴᠢᠭᠤᠯᠭᠠᠨ ᠬᠢᠭᠡᠳ | ᠬᠤᠰᠢᠭᠤ ᠵᠠᠰᠠᠭ ᠰᠦᠮᠪᠦᠷᠪᠡᠳᠤ ᠳᠤ ᠦᠭᠴᠡᠢ᠃ ᠲᠡᠳᠡ ᠪᠠᠰᠠ ᠠᠷᠠᠳ ᠲᠦᠮᠡᠨ ᠳᠤ ᠮᠡᠳᠡᠭᠳᠡᠬᠦ ᠪᠢᠴᠢᠭ ᠪᠢᠴᠢᠵᠤ ᠵᠡᠷᠭᠡᠯᠡᠳᠡᠭᠡ ᠬᠤᠰᠢᠭᠤᠨ ᠳᠤ ᠬᠦᠷᠭᠡᠭᠰᠡᠨ | ᠪᠦᠭᠡᠳ ᠡᠯ᠎ᠡ ᠬᠠᠷᠢᠶ᠎ᠠ ᠰᠤᠮᠤᠨ ᠳᠠᠭᠠᠨ ᠲᠠᠷᠬᠠᠭᠠᠭᠰᠠᠨ ᠪᠠᠶᠢᠨ᠎ᠠ᠃ ᠲᠤᠭᠤᠶᠢᠯᠠᠩ ᠤᠨ ᠬᠢᠨ ᠸᠠᠩ ᠤᠨ ᠤᠷᠳᠤᠨ ᠠᠴᠠ ᠲᠤᠭᠳᠠᠭᠠᠭᠰᠠᠨ ᠵᠦᠢ ᠵᠤᠬᠢᠰ ᠦᠭᠡᠢ | ᠭᠠᠶᠢᠯᠢ ᠲᠠᠳᠠᠪᠤᠷᠢ ᠶᠢ ᠴᠦᠮ ᠬᠦᠴᠦᠨ ᠦᠭᠡᠢ ᠪᠤᠯᠭᠠᠬᠤ ᠪᠠᠷ ᠨᠡᠶᠢᠳᠡᠯᠡᠵᠡᠢ᠃ | 1915 ᠤᠨ ᠤ ᠬᠠᠪᠤᠷ᠂ ᠲᠤᠭᠤᠶᠢᠯᠠᠩ ᠤᠨ ᠬᠢᠨ ᠢᠯᠪᠢᠨ ᠲᠠᠭᠠᠭᠤᠯᠬᠤ ᠭᠡᠯᠡᠯᠴᠡᠭᠡᠷ ᠬᠢᠬᠦ ᠪᠠᠷ ᠢᠷᠡᠭᠰᠡᠨ ᠰᠦᠮᠪᠦᠷᠪᠡᠳᠤ ᠶᠢᠨ ᠭᠠᠷ ᠭᠦᠯ ᠪᠤᠯᠤᠭᠴᠢ ᠸᠠᠩ | ᠤᠨ ᠤᠷᠳᠤᠨ ᠤ ᠸᠠᠶᠢᠳᠠᠨᠢᠳᠠ ᠷᠢᠨᠴᠢᠨ᠂ ᠪᠠᠷᠠᠭᠤᠨ ᠲᠤᠰᠠᠯᠠᠭᠴᠢ ᠦᠯᠵᠡᠶᠢᠪᠡᠳᠠᠷᠠᠬᠤ ᠨᠠᠷ ᠢ ᠵᠠᠨᠴᠢᠨ ᠶᠠᠪᠤᠭᠤᠯᠵᠤ ᠰᠦᠮᠪᠤᠷᠪᠡᠳᠤ ᠶᠢᠨ ᠤᠮᠤᠭ ᠰᠦᠷ ᠢ ᠶᠡᠭᠡᠪᠡᠷ | ᠲᠠᠷᠤᠪᠠ᠃ ᠮᠦᠨ ᠵᠢᠯ ᠤᠨ 3 ᠰᠠᠷ᠎ᠠ ᠳᠤ ᠲᠠᠯᠠᠳ ᠬᠤᠰᠢᠭᠤᠨ ᠤ ᠲᠤᠭᠤᠶᠢᠯᠠᠩ ᠤᠨ ᠬᠦᠳᠡᠯᠭᠡᠭᠡᠨ ᠤ ᠭᠠᠷᠮᠠᠭᠠᠢ ᠤᠳᠤᠷᠢᠳᠤᠭᠴᠢ ᠠᠶᠤᠷᠽᠠᠨ᠎ᠠ᠂ ᠰᠦᠮᠪᠤᠷᠪᠡᠳᠤ | ᠳᠤ ᠨᠢᠭᠤᠴᠠ ᠪᠠᠷ ᠬᠤᠤᠷᠯᠠᠭᠳᠠᠭᠰᠠᠨ ᠤ ᠲᠠᠷᠠᠭ᠎ᠠ ᠲᠤᠭᠤᠶᠢᠯᠠᠩ ᠤᠨ ᠬᠢᠨ ᠬᠤᠷᠠᠭ᠎ᠠ ᠶᠢ ᠶᠡᠷᠦᠩᠭᠡᠢ ᠤᠳᠤᠷᠢᠳᠤᠭᠴᠢ ᠪᠠᠷ ᠰᠤᠩᠭᠤᠪᠠ᠃ ᠬᠤᠷᠠᠭ᠎ᠠ ᠲᠤᠭᠤᠶᠢᠯᠠᠩ | ᠤᠨ ᠤᠯᠠᠨ ᠲᠦᠮᠡᠨ ᠢ ᠵᠤᠷᠢᠭᠵᠢᠭᠤᠯᠵᠤ ᠦᠷᠬᠦᠯᠵᠢᠯᠡᠨ ᠬᠠᠳᠠᠭᠤᠵᠢᠯᠳᠠᠢ ᠲᠡᠮᠡᠴᠡᠬᠦ ᠪᠠᠷ ᠤᠷᠢᠶᠠᠯᠠᠭᠰᠠᠨ ᠪᠦᠭᠡᠳ ᠭᠠᠳᠠᠷ ᠤᠷᠤᠨ ᠠᠴᠠ ᠨᠡᠯᠢᠶᠡᠳ ᠠᠷᠪᠢᠨ ᠫᠤᠤ | ᠵᠡᠪᠰᠡᠭ ᠬᠤᠳᠠᠯᠳᠤᠵᠤ ᠠᠪᠴᠢᠷᠠᠭᠠᠳ 600 ᠬᠦᠮᠦᠨ ᠲᠠᠢ ᠵᠡᠪᠰᠡᠭᠳᠤ ᠤᠲᠷᠢᠶᠠᠳ᠋ ᠪᠤᠯᠭᠠᠨ ᠦᠷᠭᠡᠳᠭᠡᠪᠡ᠃ | 1915 ᠤᠨ ᠤ 12 ᠰᠠᠷ᠎ᠠ ᠶᠢᠨ 2 ᠤᠨ ᠡᠳᠦᠷ ︵ᠪᠢᠯᠢᠭ ᠤᠨ ᠠᠷᠪᠠᠨ ᠰᠠᠷ᠎ᠠ ᠶᠢᠨ ᠬᠤᠷᠢᠨ ᠲᠤᠯᠤᠭᠠᠨ︶ ᠬᠤᠷᠠᠭ᠎ᠠ ᠶᠢᠨ ᠤᠳᠤᠷᠢᠳᠤᠯᠭ᠎ᠠ ᠲᠤᠤᠷ᠎ᠠ | ᠲᠤᠭᠤᠶᠢᠯᠠᠩ ᠤᠨ 8000 ᠬᠦᠮᠦᠨ ᠰᠦᠮᠪᠤᠷᠪᠡᠳᠤ ᠶᠢᠨ ᠸᠠᠩ ᠤᠨ ᠤᠷᠳᠤᠨ ᠢ ᠬᠤᠶᠠᠷ ᠰᠦᠨᠢ ᠬᠤᠶᠠᠷ ᠡᠳᠦᠷ ᠪᠦᠰᠡᠯᠡᠨ ᠴᠤᠬᠢᠪᠠ᠃ | 1916 ᠤᠨ ᠤ 1 ᠰᠠᠷ᠎ᠠ ᠶᠢᠨ 4 ᠤ ᠡᠳᠦᠷ ︵ᠪᠢᠯᠢᠭ ᠤᠨ ᠠᠷᠪᠠᠨ ᠨᠢᠭᠡᠨ ᠰᠠᠷ᠎ᠠ ᠶᠢᠨ ᠬᠤᠷᠢ ᠶᠢᠰᠤᠨ︶ ᠰᠦᠮᠪᠦᠷᠪᠡᠳᠤ ᠪᠤᠭᠤᠳᠤ ᠠᠴᠠ ᠴᠡᠷᠢᠭ ᠵᠢᠭᠡᠯᠡᠵᠦ | ᠠᠪᠴᠢᠷᠠᠭᠠᠳ ᠲᠤᠭᠤᠶᠢᠯᠠᠩ ᠤᠨ ᠬᠢᠨ ᠢ ᠪᠦᠰᠡᠯᠡᠨ ᠴᠤᠬᠢᠭᠰᠠᠨ ᠳᠤ ᠲᠤᠭᠤᠶᠢᠯᠠᠩ ᠤᠨ ᠬᠢᠨ ᠭᠠᠵᠠᠷ ᠤᠨ ᠪᠠᠶᠢᠴᠠ ᠶᠢ ᠠᠰᠢᠭᠯᠠᠨ ᠭᠡᠨᠡᠳᠡᠬᠦᠯᠦᠨ ᠲᠠᠭᠠᠷᠢᠵᠤ | ᠲᠠᠶᠢᠰᠤᠨ ᠢ ᠮᠠᠰᠢ ᠤᠯᠠᠨ ᠠᠯᠠᠵᠤ ᠰᠢᠷᠬᠠᠳᠤᠭᠤᠯᠵᠠᠢ᠃ 1 ᠰᠠᠷ᠎ᠠ ᠶᠢᠨ 6 ᠤ ᠡᠳᠦᠷ ︵ᠦᠭᠡᠯᠵᠢᠨ ᠰᠠᠷ᠎ᠠ ᠶᠢᠨ ᠰᠢᠨ᠎ᠡ ᠶᠢᠨ ᠬᠤᠶᠠᠷ︶ ᠰᠦᠮᠪᠤᠷᠪᠡᠳᠤ ᠪᠤᠭᠤᠳᠤ | ᠠᠴᠠ ᠪᠠᠰᠠ ᠨᠢᠭᠡ ᠪᠡᠲᠯᠢᠶᠤᠨ ᠴᠡᠷᠢᠭ ᠵᠢᠭᠡᠯᠡᠵᠦ ᠶᠡᠭᠡ ᠫᠤᠤ ᠲᠠᠢ ᠢᠷᠡᠭᠰᠡᠨ ᠳᠤ ᠬᠤᠷᠠᠭ᠎ᠠ ᠠᠷᠠᠳ ᠤᠨ ᠲᠤᠭᠤᠶᠢᠯᠠᠩ ᠤᠨ ᠵᠡᠪᠰᠡᠭᠳᠤ ᠬᠦᠴᠦᠨ ᠢ ᠲᠠᠭᠠᠭᠤᠯᠤᠨ | ᠴᠠᠶᠢᠳᠠᠮ ᠠᠴᠠ ᠤᠬᠤᠷᠢᠨ ᠭᠠᠷᠤᠭᠰᠠᠨ ᠳᠤ᠂ ᠰᠦᠮᠪᠤᠷᠪᠡᠳᠤ ᠶᠢᠨ ᠲᠠᠷᠤᠩᠭᠤᠶᠢᠯᠠᠬᠤ ᠪᠠᠷ ᠢᠷᠡᠭᠰᠡᠨ ᠴᠡᠷᠢᠭ ᠤᠳ ᠬᠤᠭᠤᠰᠤᠳᠠᠵᠤ᠂ ᠬᠤᠷᠠᠭ᠎ᠠ ᠶᠢᠨ ᠭᠡᠷ ᠢ | ᠭᠠᠯᠳᠠᠭᠠᠳ ᠪᠤᠭᠤᠳᠤ ᠳᠠᠭᠠᠨ ᠪᠤᠴᠠᠵᠠᠢ᠃ | 1 ᠰᠠᠷ᠎ᠠ ᠶᠢᠨ 27 ᠤ ᠡᠳᠦᠷ ︵ᠪᠢᠯᠢᠭ ᠤᠨ ᠦᠭᠡᠯᠵᠢᠨ ᠰᠠᠷ᠎ᠠ ᠶᠢᠨ ᠬᠤᠷᠢᠨ ᠭᠤᠷᠪᠠᠨ︶ ᠤᠨ ᠦᠳᠡᠰᠢ᠂ ᠬᠤᠷᠠᠭ᠎ᠠ ᠴᠦᠭᠡᠨ ᠭᠡᠳᠦᠨ ᠬᠠᠮᠠᠭᠠᠯᠠᠭᠴᠢ ᠴᠡᠷᠢᠭ | ᠲᠠᠢ ᠪᠠᠨ ᠨᠢᠭᠡ ᠮᠠᠯᠴᠢᠨ ᠡᠷᠦᠭᠡ ᠶᠢᠨ ᠳᠤ ᠭᠠᠯ ᠲᠡᠬᠢᠵᠤ ᠪᠠᠶᠢᠳᠠᠯ᠎ᠠ᠂ ᠰᠦᠮᠪᠤᠷᠪᠡᠳᠤ ᠶᠢᠨ ᠲᠤᠮᠢᠯᠠᠭᠰᠠᠨ ᠴᠡᠷᠢᠭ ᠤᠳ ᠭᠡᠨᠡᠳᠳᠠ ᠪᠠᠷ ᠪᠦᠰᠡᠯᠡᠨ ᠢᠷᠡᠭᠡᠳ | ᠬᠤᠷᠠᠭ᠎ᠠ ᠶᠢ ᠪᠠᠷᠢᠪᠴᠢᠯᠠᠨ ᠠᠪᠴᠠᠢ᠃ ᠠᠷᠠᠳ ᠤᠨ ᠲᠤᠭᠤᠶᠢᠯᠠᠩ ᠤᠨ ᠤᠳᠤᠷᠢᠳᠤᠭᠴᠢ ᠬᠤᠷᠠᠭ᠎ᠠ ᠬᠢᠨᠳᠡᠨ ᠳᠤ ᠲᠦᠷᠪᠡᠨ ᠵᠢᠯ ᠲᠠᠮᠤᠯᠠᠭᠳᠠᠵᠤ 1919 ᠤᠨ ᠳᠤ | ᠨᠠᠰᠤ ᠪᠠᠷᠠᠪᠠ᠃ |