ᠷᠠᠪᠳᠠᠨ ︵1901 — 1932︶
ᠨᠡᠶᠢᠲᠡᠯᠡᠭᠰᠡᠨ ᠴᠠᠭ᠄
2024/1/18
    ᠮᠣᠩᠭᠤᠯ ᠦᠨᠳᠦᠰᠦᠲᠡᠨ᠂ ᠬᠢᠲᠠᠳ ᠨᠡᠷ᠎ᠡ ᠨᠢ ᠴᠢ ᠽᠢ ᠵᠢᠶᠦ᠋ᠨ᠂ ᠶᠡᠭᠡ ᠵᠤᠤ ᠶᠢᠨ ᠴᠢᠭᠤᠯᠭᠠᠨ ᠤ ᠵᠡᠭᠦᠠᠭᠠᠷ ᠬᠤᠰᠢᠭᠤᠨ ᠤ ᠨᠢᠭᠡᠨ ᠢᠵᠠᠭᠤᠷᠲᠠᠨ ᠤ ᠭᠡᠷ  ᠲᠤ ᠲᠦᠷᠦᠵᠡᠢ᠃ ᠬᠡᠦᠬᠡᠳ ᠤᠨ ᠬᠢᠨᠢ ᠬᠤᠶᠠᠳᠣᠭᠠᠷ ᠨᠢ ᠪᠤᠯᠬᠤᠷ ᠲᠣᠬᠠᠢ ᠶᠢᠨ ᠭᠠᠵᠠᠷ ᠤᠨ ᠬᠦᠮᠦᠰ ︽ᠬᠤᠶᠠᠳᠣᠭᠠᠷ ᠡᠩᠡ︾ ᠭᠡᠵᠦ ᠳᠠᠭᠤᠳᠠᠳᠠᠭ᠃ ᠪᠠᠭ᠎ᠠ  ᠠᠴᠠ ᠪᠠᠨ ᠮᠣᠩᠭᠤᠯ ᠬᠢᠳᠠᠳ ᠪᠢᠴᠢᠭ ᠲᠤ ᠵᠡᠷᠭᠡᠪᠡᠷ ᠨᠡᠪᠳᠡᠷᠡᠵᠦ᠂ ᠣᠬᠢ ᠰᠠᠶᠢᠨ ᠬᠢᠷᠢ ᠪᠦᠲᠦᠮᠵᠢ ᠲᠠᠢ ᠪᠠᠶᠢᠵᠠᠢ᠃    1923 ᠣᠨ ᠳᠤ᠂ ᠡᠴᠢᠭᠡ ᠨᠠᠰᠣᠨᠳᠠᠯᠠᠢ ᠨᠢ ᠬᠦᠪᠡᠭᠦᠨ ᠷᠠᠪᠳᠠᠨ ᠢᠶᠠᠨ ᠴᠡᠷᠢᠭ ᠵᠠᠰᠠᠭ ᠤᠨ ᠨᠡᠷᠡᠲᠦ ᠬᠦᠮᠦᠰ ᠲᠠᠢ ᠲᠠᠨᠢᠯᠴᠠᠭᠤᠯᠬᠤ ᠶᠢᠨ ᠲᠦᠯᠦᠭᠡ᠂ ᠶᠡᠭᠡ ᠬᠡᠮᠵᠢᠶᠡᠨ ᠤ ᠮᠦᠩᠭᠦ ᠵᠣᠭᠤᠰ ᠦᠭᠴᠦ  ᠪᠸᠢᠢᠫᠢᠩ᠂ ᠨᠠᠨᠵᠢᠩ ᠵᠡᠷᠭᠡ ᠬᠤᠲᠠᠳ ᠢᠶᠠᠷ ᠲᠣᠭᠤᠷᠢᠭᠤᠯᠵᠠᠢ᠃ ᠲᠡᠷᠡ ᠣᠯᠣᠰ ᠢᠷᠭᠡᠨ ᠤ ᠬᠤᠪᠢᠰᠬᠠᠯ ᠤᠨ ᠴᠢᠬᠤᠯᠠ ᠬᠦᠮᠦᠰ ᠢᠦᠢ ᠶᠸᠦ ᠷᠧᠨ᠂ ᠹᠧᠩ ᠢᠦᠢ ᠰᠢᠶᠠᠩ ᠲᠠᠢ ᠲᠠᠨᠢᠯᠴᠠᠵᠠᠢ᠃ ᠰᠡᠭᠦᠯᠡᠷ ᠨᠢ᠂ ᠲᠡᠷᠡ ᠦᠨᠳᠦᠰᠦᠲᠡᠨ ᠤ ᠠᠷᠠᠳᠴᠢᠯᠠᠭᠰᠠᠨ ᠬᠤᠪᠢᠰᠬᠠᠯ ᠢ ᠵᠣᠷᠢᠭᠴᠢ ᠸᠠᠩᠳᠠᠨᠨᠢᠮ᠎ᠠ ᠪᠤᠯᠤᠨ ᠰᠢᠨᠡᠯᠠᠮ᠎ᠠ ᠲᠠᠢ ᠲᠠᠨᠢᠯᠴᠠᠭᠠᠳ 1924 ᠣᠨ ᠳᠤ ᠰᠢᠨᠡᠯᠡᠮ᠎ᠡ ᠲᠠᠢ ᠬᠠᠮᠲᠣ ᠣᠯᠠᠭᠠᠨᠪᠠᠭᠠᠲᠣᠷ ᠲᠤ ᠬᠦᠷᠴᠦ ᠴᠣᠶᠢᠪᠠᠯᠰᠠᠩ ᠲᠠᠢ ᠪᠠᠷᠠᠳᠠᠨ ᠠᠭᠤᠯᠵᠠᠵᠣ᠂ ᠮᠣᠩᠭᠤᠯ ᠠᠷᠠᠳ ᠤᠨ ᠬᠤᠪᠢᠰᠬᠠᠯᠲᠣ ᠨᠠᠮ ᠳᠤ ᠡᠯᠰᠡᠭᠳᠡᠭᠰᠡᠨ ᠪᠠᠶᠢᠨ᠎ᠠ᠃ ᠮᠦᠨ ᠵᠢᠯ ᠳᠤ᠂ ᠹᠧᠩ ᠢᠦᠢ ᠰᠢᠶᠠᠩ ᠵᠠᠩᠵᠤᠨ ᠠᠴᠠ ᠲᠡᠭᠦᠨ ᠢ︽ᠾᠧᠪᠸᠢ᠂ ᠱᠠᠨᠰᠢ᠂ ᠭᠠᠨᠰᠤ ᠶᠢᠨ ᠳᠡᠭᠡᠷᠡᠮ ᠢ ᠣᠰᠠᠳᠬᠠᠬᠤ ᠴᠡᠷᠢᠭ︾ ᠤᠨ ᠮᠣᠷᠢᠲᠤ ᠴᠡᠷᠢᠭ ᠤᠨ ᠲᠣᠰᠠᠭᠠᠷ ᠬᠤᠷᠢᠶᠠᠨ ᠤ ᠳᠠᠷᠤᠭ᠎ᠠ ᠪᠠᠷ  ᠲᠤᠮᠢᠯᠠᠪᠠ᠃ ᠲᠡᠭᠡᠭᠡᠳ ᠲᠡᠷᠡ ᠰᠢᠨ᠎ᠡ ᠴᠡᠷᠢᠭ ᠢ ᠵᠣᠬᠢᠶᠠᠨ ᠪᠠᠶᠢᠭᠤᠯᠤᠨ ᠭᠠᠳᠠᠷ ᠮᠣᠵᠢ ᠠᠴᠠ ᠬᠢᠲᠠᠳ ᠰᠣᠷᠭᠠᠭᠴᠢ ᠣᠷᠢᠵᠣ ᠴᠡᠷᠢᠭ ᠠᠩᠭᠢ ᠪᠠᠨ ᠰᠢᠨ᠎ᠡ ᠠᠷᠭ᠎ᠠ ᠪᠠᠷ ᠪᠤᠯᠪᠠᠰᠣᠷᠠᠭᠤᠯᠵᠠᠢ᠃    1925 ᠣᠨ ᠤ 10 ᠰᠠᠷ᠎ᠠ ᠳᠤ᠂ ᠷᠠᠪᠳᠠᠨ ᠴᠢᠭᠤᠯᠤᠯᠲᠤ ᠬᠠᠭᠠᠯᠭ᠎ᠠ ᠳᠤ ᠣᠴᠢᠵᠤ ᠲᠣᠳᠣᠭᠠᠲᠣ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠣᠭᠠᠷ ᠬᠤᠭᠤᠴᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠳᠤ ᠣᠷᠣᠯᠴᠠᠪᠠ᠃ ᠡᠨᠡ ᠦᠶᠡᠰ ᠲᠤ ᠭᠠᠳᠠᠨ᠎ᠠ ᠳᠣᠳᠣᠨ᠎ᠠ ᠶᠠᠪᠣᠵᠣ ᠡᠪ ᠬᠠᠮᠲᠤ ᠨᠠᠮ ᠤᠨ  ᠡᠬᠢᠨ ᠤ ᠦᠶ᠎ᠡ ᠶᠢᠨ ᠠᠵᠢᠯᠯᠠᠭ᠎ᠠ ᠦᠷᠨᠢᠭᠦᠯᠵᠦ ᠪᠠᠶᠢᠭᠰᠠᠨ ᠵᠣᠣ ᠱᠢ ᠶᠠᠨ᠂ ᠣᠯᠠᠭᠠᠨᠬᠦᠦ᠂ ᠯᠢ ᠰᠧᠨ ᠵᠡᠷᠭᠡ ᠬᠦᠮᠦᠰ ᠲᠠᠢ ᠨᠦᠬᠦᠷᠯᠡᠭᠰᠡᠨ ᠪᠠᠶᠢᠨ᠎ᠠ᠃    1926 ᠣᠨ ᠤ ᠡᠬᠢ ᠪᠠᠷ᠂ ᠷᠠᠪᠳᠠᠨ ᠪᠤᠭᠤᠲᠤ ᠠᠴᠠ 500 ᠣᠷᠣᠰ ᠬᠢᠴᠡᠲᠡᠢ ᠯᠢᠶᠠᠨᠵᠤ ᠫᠤᠤ ᠠᠪᠴᠢᠷᠠᠭᠠᠳ ᠰᠢᠨ᠎ᠡ ᠴᠡᠷᠢᠭ ᠢᠶᠠᠨ ᠵᠡᠪᠰᠡᠭᠯᠡᠪᠡ᠃ 7 ᠰᠠᠷ᠎ᠠ ᠳᠤ ᠹᠧᠩ ᠢᠦᠢ ᠰᠢᠶᠠᠩ ᠤᠨ ᠵᠠᠷᠯᠢᠭ ᠢᠶᠠᠷ ᠲᠡᠷᠡ 700 ᠴᠡᠷᠢᠭ ᠳᠠᠭᠠᠭᠤᠯᠣᠨ ᠱᠠᠨ ᠰᠢ ᠮᠣᠵᠢ ᠶᠢᠨ ᠾᠧ ᠴᠢᠦᠢ ᠭᠠᠵᠠᠷ ᠢᠶᠠᠷ ᠪᠠᠶᠢᠯᠳᠣᠨ ᠶᠠᠪᠣᠭᠠᠳ ᠳᠠᠶᠢᠨ ᠳᠤ ᠢᠯᠠᠭᠳᠠᠵᠤ ᠵᠡᠭᠦᠠᠭᠠᠷ ᠬᠤᠰᠢᠭᠤᠨ ᠳᠠᠭᠠᠨ ᠬᠠᠷᠢᠵᠤ ᠢᠷᠡᠵᠡᠢ᠃ ᠡᠴᠢᠭᠡ ᠬᠦᠪᠡᠭᠦᠨ ᠬᠤᠶᠠᠭᠤᠯᠠ ᠵᠦᠷᠢᠴᠡᠯ ᠲᠠᠢ ᠪᠣᠯᠣᠭᠠᠳ᠂ ᠲᠡᠷᠡ ᠵᠦᠪᠬᠡᠨ 200 ᠭᠠᠷᠣᠢ ᠰᠢᠨ᠎ᠡ ᠴᠡᠷᠢᠭ ᠢᠶᠠᠨ ᠳᠠᠶᠢᠴᠢᠯᠠᠨ ᠨᠢᠩᠰᠢᠶᠠ ᠳᠤ ᠬᠦᠷᠴᠦ ᠹᠧᠩ ᠢᠦᠢ ᠰᠢᠶᠠᠩ ᠲᠠᠢ ᠣᠴᠠᠷᠠᠭᠰᠠᠨ ᠳᠤ ᠹᠧᠩ ᠢᠦᠢ ᠰᠢᠶᠠᠩ ᠠᠴᠠ ᠲᠡᠭᠦᠨ ᠢ ︽ᠤᠯᠤᠰ ᠠᠷᠠᠳ ᠤᠨ ᠬᠤᠪᠢᠰᠬᠠᠯᠲᠣ ᠴᠡᠷᠢᠭ ᠤᠨ ᠮᠣᠩᠭᠤᠯ ᠳ᠋ᠣᠭᠠᠷᠯᠠᠭᠰᠠᠨ ᠨᠢᠭᠡᠳᠦᠭᠡᠷ ᠵᠠᠮ ᠤᠨ ᠴᠡᠷᠢᠭ︾ ᠤᠨ ᠰᠧᠯᠢᠩ ᠢᠶᠠᠷ ᠲᠣᠮᠢᠯᠠᠪᠠ᠃    1927 ᠣᠨ ᠤ 8 ᠰᠠᠷ᠎ᠠ ᠳᠤ᠂ ᠷᠠᠪᠳᠠᠨ ᠣᠯᠠᠭᠠᠨᠪᠠᠭᠠᠲᠣᠷ ᠲᠤ ᠣᠴᠢᠵᠤ ᠳᠣᠳᠣᠭᠠᠲᠣ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠤᠨ ᠲᠣᠰᠬᠠᠢ ᠬᠤᠷᠠᠯ ᠳᠤ ᠣᠷᠣᠯᠴᠠᠪᠠ᠃ ᠲᠡᠷᠡ ᠢᠷᠭᠠᠢ ᠳᠤ ᠪᠣᠴᠠᠵᠣ ᠢᠷᠡᠭᠰᠡᠨ ᠤ ᠳᠠᠷᠠᠭ᠎ᠠ᠂ ᠠᠷᠭ᠎ᠠ ᠰᠦᠪᠡᠭᠴᠢᠯᠡᠵᠦ ᠪᠠᠶᠢᠭᠠᠳ ᠰᠡᠷᠡᠩᠳᠣᠩᠷᠣᠪ ᠨᠠᠷ ᠲᠤ ᠬᠤᠷᠢᠭᠳᠠᠭᠰᠠᠨ ᠮᠦᠩᠬᠡᠨ᠋ᠦ᠋ᠯᠵᠡᠢ᠂ ᠵᠠᠮᠢᠶᠠᠩᠰᠢᠷᠡᠪ᠂ ᠱᠠᠨᠵᠢᠮᠢᠳᠣᠪ ᠨᠠᠷ ᠢ ᠰᠣᠯᠠᠯᠠᠨ ᠶᠠᠪᠤᠭᠤᠯᠪᠠ᠃ 1928ᠣᠨ ᠳᠤ᠂ ᠡᠴᠢᠭᠡ ᠨᠠᠰᠣᠨᠳᠠᠯᠠᠢ ᠨᠢ ᠵᠡᠭᠦᠡᠭᠠᠷ ᠬᠤᠰᠢᠭᠤ ᠭᠠᠩ ᠭᠠᠴᠢᠭ ᠶᠡᠭᠡ᠂ ᠣᠯᠠᠨ ᠴᠡᠷᠢᠭ ᠲᠡᠵᠢᠭᠡᠵᠦ ᠳᠡᠶᠢᠯᠬᠦ ᠦᠭᠡᠢ ᠭᠡᠳᠡᠭ ᠨᠡᠷ᠎ᠡ ᠪᠠᠷ ᠰᠢᠨ᠎ᠡ ᠴᠡᠷᠢᠭ ᠢ ᠴᠦᠮ ᠭᠡᠷ ᠲᠤᠨᠢ ᠬᠠᠷᠢᠭᠤᠯᠣᠭᠰᠠᠨ ᠳᠤ᠂ ᠮᠦᠨ ᠨᠠᠮᠣᠷ ᠹᠧᠩ ᠢᠦᠢ ᠰᠢᠶᠠᠩ ᠴᠡᠷᠢᠭ ᠤᠨ ᠨᠤᠮᠧᠷ ᠢ ᠬᠦᠴᠦᠨ ᠦᠭᠡᠢ ᠪᠤᠯᠭᠠᠭᠰᠠᠨ ᠪᠠᠶᠢᠨ᠎ᠠ᠃ ᠡᠴᠢᠭᠡ ᠨᠠᠰᠣᠳᠠᠯᠠᠢ ᠨᠢ ᠬᠦᠶᠦᠵᠦ ᠪᠠᠶᠢᠭᠠᠳ ᠷᠠᠪᠳᠠᠨ ᠢ ᠵᠡᠭᠦᠡᠭᠠᠷ ᠬᠤᠰᠢᠭᠤᠨ ᠤ ᠪᠠᠷᠠᠭᠤᠨ ᠲᠣᠰᠠᠯᠠᠭᠴᠢ ᠪᠤᠯᠭᠠᠵᠠᠢ᠃    1929 ᠣᠨ ᠳᠤ᠂ ᠷᠠᠪᠳᠠᠨ ᠾᠧᠨᠠᠨ ᠮᠤᠵᠢ ᠳᠤ ᠣᠴᠢᠵᠣ ᠹᠧᠩ ᠢᠦᠢ ᠰᠢᠶᠠᠩ ᠲᠠᠢ ᠠᠭᠤᠯᠵᠠᠭᠰᠠᠨ ᠳᠤ᠂ ᠹᠧᠩ ᠢᠦᠢ ᠰᠢᠶᠠᠩ ᠲᠡᠭᠦᠨ ᠳᠤ ᠶᠠᠮᠠᠷ ᠴᠦ ᠵᠡᠷᠭᠡ ᠬᠡᠷᠬᠡᠮ ᠦᠭᠭᠦᠭᠰᠡᠨ ᠦᠭᠡᠢ ᠮᠦᠷᠲᠡᠭᠡᠨ ᠯᠦᠸᠧᠶᠠᠩ ᠳᠤ ᠣᠴᠢᠵᠣ ᠰᠣᠷᠣᠯᠴᠠ ᠭᠡᠰᠡᠨ ᠳᠤ ᠲᠣᠷ᠎ᠠ ᠦᠭᠡᠶᠢᠴᠡᠭᠡᠳ ᠵᠡᠭᠦᠡᠭᠠᠷ ᠬᠤᠰᠢᠭᠤᠨ ᠳᠠᠭᠠᠨ ᠪᠣᠴᠠᠵᠣ ᠢᠷᠡᠭᠡᠳ ᠡᠪ ᠬᠠᠮᠲᠤ ᠨᠠᠮ ᠲᠠᠢ ᠬᠠᠷᠢᠯᠴᠠᠵᠣ ᠡᠬᠢᠯᠡᠪᠡ᠃ ᠲᠣᠰ ᠵᠢᠯ ᠳᠤ᠂ ᠲᠡᠷᠡ ︽ᠲᠦᠩ ᠷᠧᠨ︾ ᠰᠣᠷᠭᠠᠭᠤᠯᠢ ᠪᠠᠶᠢᠭᠤᠯᠵᠤ᠂ ᠪᠸᠢᠢᠫᠢᠩ᠂ ᠱᠠᠩᠬᠠᠢ ᠵᠡᠷᠭᠡ ᠭᠠᠵᠠᠷ ᠠᠴᠠ ᠠᠷᠠᠳᠴᠢᠯᠠᠭᠰᠠᠨ ᠦᠵᠡᠯ ᠲᠠᠢ ᠬᠦᠮᠦᠰ ᠢ ᠣᠷᠢᠵᠣ ᠪᠠᠭᠰᠢ ᠪᠣᠯᠭᠠᠪᠠ᠃    1930 ᠣᠨ ᠤ 8 ᠰᠠᠷ᠎ᠠ ᠳᠤ᠂ ᠷᠠᠪᠳᠠᠨ ᠦᠦᠰᠢᠨ ᠬᠤᠰᠢᠭᠤᠨ ᠳᠤ ᠣᠴᠢᠵᠣ᠂ ᠣᠯᠠᠭᠠᠨᠴᠠᠪ᠂ ᠶᠡᠭᠡ ᠵᠣᠣ ᠶᠢᠨ ᠴᠢᠭᠤᠯᠭᠠᠨ ᠤ ᠲᠣᠳᠣᠭᠠᠲᠣ ᠮᠣᠩᠭᠤᠯ  ᠤᠨ ᠠᠷᠠᠳ ᠤᠨ ᠬᠤᠪᠢᠰᠬᠠᠯᠲᠤ ᠨᠠᠮ ᠤᠨ ᠬᠤᠷᠠᠯ ᠳᠤ ᠣᠷᠣᠯᠴᠠᠭᠠᠳ᠂ ᠣᠷᠳᠣᠰ᠂ ᠣᠯᠠᠭᠠᠨᠴᠠᠪ᠂ ᠠᠯᠠᠱᠠᠨ᠂ ᠲᠦᠮᠡᠳ ᠤᠨ ᠨᠠᠮ ᠤᠨ ᠬᠡᠷᠡᠭ ᠢ ᠡᠷᠬᠢᠯᠡᠨ ᠣᠳᠣᠷᠢᠳᠬᠤ ᠨᠠᠮ ᠤᠨ ᠳᠣᠪᠴᠢᠶᠠᠨ ᠤ ᠲᠡᠷᠢᠭᠦᠯᠡᠭᠴᠢ ᠪᠠᠷ ᠰᠣᠩᠭᠤᠭᠳᠠᠵᠠᠢ᠃ 1931 ᠣᠨ ᠳᠤ᠂ ᠲᠡᠷᠡ ᠢᠦᠢ ᠶᠸᠦ ᠷᠧᠨ ᠤ ᠳᠡᠮᠵᠢᠯᠭᠡ ᠳᠣᠣᠷ᠎ᠠ ᠭᠤᠮᠢᠨᠳᠠᠩ  ᠤᠨ ᠬᠢᠨᠠᠨ ᠪᠠᠶᠢᠴᠠᠭᠠᠬᠤ ᠬᠤᠷᠢᠶᠠᠨ ᠤ ᠬᠡᠰᠢᠭᠦᠨ ᠪᠤᠯᠪᠠ᠃    1932 ᠤᠨ ᠤ 2 ᠰᠠᠷ᠎ᠠ ᠶᠢᠨ 9 ᠤ ᠡᠳᠦᠷ ᠤᠨ ᠦᠷᠯᠦᠭᠡ᠂ ᠵᠡᠭᠦᠡᠭᠠᠷ ᠬᠤᠰᠢᠭᠤᠨ ᠤ ᠴᠢ ᠱᠸᠦ ᠱᠠᠨ ᠤ ᠡᠭᠦᠰᠭᠡᠭᠰᠡᠨ ᠬᠡᠷᠡᠭ ᠬᠤᠪᠢᠰᠣᠯ ᠤᠨ ᠳᠣᠮᠳᠠ ᠫᠣᠣᠳᠠᠭᠳᠠᠨ ᠠᠯᠠᠭᠳᠠᠵᠠᠢ᠃ ᠨᠠᠰᠣᠨ ᠰᠡᠭᠦᠳᠡᠷ ᠰᠠᠶ᠋ᠢ 31 ᠨᠠᠰᠣᠲᠠᠶᠢᠬᠠᠨ ᠪᠠᠶᠢᠪᠠ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ