ᠠᠯᠢᠶ᠎ᠠ ᠬᠡᠤᠬᠡᠳ ᠢ ᠬᠠᠶᠢᠷ᠎ᠠ ᠪᠠᠷ ᠪᠦᠪᠡᠶᠢᠯᠡᠭᠰᠡᠨ ᠠᠷᠠᠳ ᠤᠨ ᠴᠡᠴᠡᠷᠯᠢᠭᠴᠢ
ᠨᠡᠶᠢᠲᠡᠯᠡᠭᠰᠡᠨ ᠴᠠᠭ᠄
2023/9/5
     ᠤᠷᠳᠤᠰ ᠬᠤᠳᠠ ᠶᠢᠨ ᠳ᠋ᠦᠩᠱᠧᠩ ᠲᠤᠭᠤᠷᠢᠭ ᠤᠨ ᠮᠤᠩᠭᠤᠯ ᠦᠨᠳᠦᠰᠦᠳᠡᠨ ᠤ ᠬᠡᠤᠬᠡᠳ ᠤᠨ ᠴᠡᠴᠡᠷᠯᠢᠭ  ᠤᠨ ᠪᠠᠭᠰᠢ ᠮᠦᠴᠢᠷ 2013 ᠤᠨ ᠳᠤ ᠠᠵᠢᠯ ᠤᠨ ᠪᠠᠶᠢᠷᠢᠨ ᠳᠤ ᠭᠠᠷᠤᠭᠰᠡᠨ ᠠᠴᠠ ᠠᠪᠤᠭᠠᠳ ᠲᠤᠬᠠᠶᠢᠯᠠᠭᠰᠡᠨ ᠠᠵᠢᠯ ᠳᠠᠭᠠᠨ ᠨᠠᠷᠢᠨ ᠬᠢᠨᠠᠮᠠᠭᠠᠢ᠂ ᠦᠨᠡᠨᠴᠢ ᠬᠢᠴᠢᠶᠠᠩᠬᠦᠢ ᠪᠠᠷ ᠬᠠᠨᠳᠤᠵᠤ᠂ ᠬᠡᠤᠬᠡᠳ ᠤᠳ ᠢᠶᠠᠨ ᠬᠠᠶᠢᠷᠠᠯᠠᠨ᠂ ᠵᠠᠯᠠᠭᠤ ᠪᠠᠭᠰᠢ ᠨᠠᠷ ᠲᠠᠭᠠᠨ ᠬᠡᠪ ᠲᠠᠭᠤᠷᠢᠶᠠᠯ ᠪᠤᠯᠵᠤ᠂ ᠡᠬᠡᠯ ᠵᠢᠷ ᠤᠨ ᠠᠵᠢᠯ ᠤᠨ ᠪᠠᠶᠢᠷᠢ ᠲᠡᠬᠡᠷ᠎ᠡ ᠪᠠᠨ ᠶᠡᠷᠦ ᠪᠤᠰᠤ ᠶᠢᠨ ᠵᠢᠳᠬᠦᠯ ᠴᠢᠷᠮᠠᠶᠢᠯᠭ᠎ᠠ ᠭᠠᠷᠭᠠᠨ᠂ ᠪᠠᠭᠰᠢ ᠬᠦᠮᠦᠨ ᠤ ᠰᠤᠷᠭᠠᠨ ᠬᠦᠮᠦᠵᠢᠯ ᠤᠨ ᠤᠶᠢᠯᠡᠰ ᠲᠠᠬᠢ ᠬᠠᠶᠢᠷ᠎ᠠ ᠪᠠ ᠪᠠᠷᠢᠮᠳᠠᠯᠠᠯ ᠢ ᠲᠠᠶᠢᠯᠪᠤᠷᠢᠯᠠᠵᠤ ᠶᠠᠪᠤᠵᠠᠢ᠃     ᠪᠠᠭᠰᠢ ᠶᠢᠨ ᠠᠵᠢᠯ ᠬᠢᠭᠰᠡᠨ ᠠᠴᠠ ᠨᠠᠭᠠᠰᠢ᠂ ᠮᠦᠴᠢᠷ ᠢᠮᠠᠭᠳᠠ ᠦᠪᠡᠷ ᠢ ᠪᠠᠨ ᠴᠢᠩᠭ᠎ᠠ ᠱᠠᠭᠠᠷᠳᠠᠵᠤ᠂ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠠᠵᠢᠯᠯᠠᠭᠰᠠᠭᠠᠷ ᠢᠷᠡᠵᠠᠢ᠃ 2016 ᠤᠨ ᠳᠤ ᠤᠷᠳᠤᠰ ᠬᠤᠳᠠ ᠶᠢᠨ ᠳ᠋ᠦᠩᠱᠧᠩ ᠲᠤᠭᠤᠷᠢᠭ ᠤᠨ ᠲᠤᠮᠳᠠᠳᠤ ᠪᠠᠭ᠎ᠠ ᠰᠤᠷᠭᠠᠭᠤᠯᠢ ᠬᠡᠤᠬᠡᠳ ᠤᠨ ᠴᠡᠴᠡᠷᠯᠢᠭ ᠤᠨ ᠰᠢᠨ᠎ᠠ ᠪᠠᠭᠰᠢ ᠶᠢᠨ ᠠᠵᠢᠯ ᠤᠨ ᠪᠠᠶᠢᠷᠢ ᠳᠤ ᠭᠠᠷᠬᠤ ᠠᠴᠠ ᠡᠮᠦᠨᠡᠬᠢ ᠲᠤᠰᠬᠠᠢ ᠪᠤᠯᠪᠠᠰᠤᠷᠠᠯ ᠤᠨ ᠶᠡᠷᠦᠩᠬᠡᠶᠢᠯᠡᠭᠰᠡᠨ ᠬᠢᠨᠠᠨ ᠰᠢᠯᠭᠠᠯᠳᠠ  ᠳᠤ ᠰᠢᠯᠢᠳᠡᠭ ᠰᠤᠷᠤᠭᠴᠢ ᠪᠠᠷ ᠦᠨᠡᠯᠡᠭᠳᠡᠪᠠ︔ 2021 ᠤᠨ ᠳᠤ ᠳ᠋ᠦᠩᠱᠧᠩ ᠲᠤᠭᠤᠷᠢᠭ ᠤᠨ ᠵᠠᠯᠠᠭᠤ ᠪᠠᠭᠰᠢ  ᠶᠢᠨ ᠦᠨᠳᠦᠰᠦᠨ ᠴᠢᠳᠠᠪᠤᠷᠢ ᠶᠢᠨ ᠤᠷᠤᠯᠳᠤᠭᠠᠨ ᠤ ᠨᠢᠬᠡᠳᠦᠬᠡᠷ ᠲᠡᠰ ᠤᠨ ᠱᠠᠩᠨᠠᠯ ᠢ ᠬᠦᠷᠳᠡᠪᠠ︔ 2021 ᠤᠨ  ᠳᠤ ᠴᠡᠴᠡᠷᠯᠢᠭ ᠤᠨ ᠲᠡᠰ ᠤᠨ ᠰᠢᠯᠢᠳᠡᠭ ᠪᠠᠭᠰᠢ᠂ 2023 ᠤᠨ ᠳᠤ ᠴᠡᠴᠡᠷᠯᠢᠭ ᠤᠨ ᠲᠡᠰ ᠤᠨ ᠰᠢᠯᠢᠳᠡᠭ ᠺᠠᠳ᠋ᠷ  ᠢᠶᠠᠷ ᠦᠨᠡᠯᠡᠭᠳᠡᠪᠠ᠃ ᠡᠳᠡᠬᠡᠷ ᠤᠯᠠᠨ ᠢᠷᠡᠭᠤ ᠠᠯᠳᠠᠷ ᠨᠢ ᠲᠡᠬᠦᠨ ᠤ ᠦᠩᠬᠡᠷᠡᠭᠰᠡᠨ ᠤ ᠵᠢᠳᠬᠦᠯ ᠴᠢᠷᠮᠠᠶᠢᠯᠭ᠎ᠠ ᠶᠢᠨ ᠬᠢᠨᠢ ᠨᠤᠳᠠᠯᠠᠯ ᠪᠤᠯᠬᠤ ᠨᠢ ᠶᠠᠷᠢᠶᠠᠨ ᠦᠬᠡᠢ᠃     ︽ᠰᠤᠷᠭᠠᠨ ᠬᠦᠮᠦᠵᠢᠯ ᠤᠨ ᠶᠠᠪᠤᠴᠠ ᠪᠤᠯ ᠦᠪᠡᠷ ᠢᠶᠠᠨ ᠰᠤᠷᠤᠯᠴᠠᠬᠤ᠂ ᠦᠪᠡᠷ ᠢᠶᠠᠨ ᠰᠦᠪᠡᠭᠴᠢᠯᠡᠬᠦ᠂ ᠦᠪᠡᠷ ᠢ ᠪᠠᠨ ᠲᠡᠬᠦᠯᠳᠡᠷᠵᠢᠬᠦᠯᠬᠦ ᠶᠠᠪᠤᠴᠠ ᠮᠦᠨ ᠬᠡᠳᠡᠭ ᠢ ᠠᠷᠪᠠᠭᠠᠳ ᠵᠢᠯ ᠤᠨ ᠵᠢᠭᠠᠨ ᠰᠤᠷᠭᠠᠯᠳᠠ ᠶᠢᠨ ᠠᠵᠢᠯ  ᠤᠨ ᠲᠤᠮᠳᠠ ᠠᠴᠠ ᠮᠡᠳᠡᠯ᠎ᠠ᠃ ᠬᠠᠶᠢᠷ᠎ᠠ ᠦᠬᠡᠢ ᠪᠤᠯ ᠰᠤᠷᠭᠠᠨ ᠬᠦᠮᠦᠵᠢᠯ ᠪᠠᠶᠢᠵᠤ ᠴᠢᠳᠠᠬᠤ ᠦᠬᠡᠢ᠂ ᠬᠠᠶᠢᠷ᠎ᠠ ᠪᠤᠯ ᠴᠡᠴᠡᠷᠯᠢᠭ ᠤᠨ ᠪᠠᠭᠰᠢ ᠶᠢᠨ ᠠᠵᠢᠯ ᠢᠶᠠᠨ ᠰᠠᠶᠢᠨ ᠬᠢᠬᠦ ᠶᠢᠨ ᠤᠷᠢᠳᠠᠯ᠂ ᠬᠡᠤᠬᠡᠳ ᠤᠨ ᠰᠡᠳᠬᠢᠯ ᠤᠨ ᠴᠤᠩᠬᠤ ᠶᠢ ᠨᠡᠬᠡᠬᠡᠬᠦ ᠶᠢᠨ ᠲᠦᠯᠬᠢᠬᠦᠷ ᠮᠦᠨ᠃ ᠡᠳᠡᠬᠡᠷ ᠵᠢᠯ ᠤᠳ ᠲᠤ ᠪᠢ ᠬᠠᠶᠢᠷ᠎ᠠ ᠰᠡᠳᠬᠢᠯᠬᠡ᠂ ᠲᠡᠰᠪᠤᠷᠢ ᠲᠠᠪᠴᠢᠶᠠᠷᠢ᠂ ᠨᠠᠷᠢᠨ ᠬᠢᠨᠠᠮᠠᠭᠠᠢ ᠤᠪᠤᠷ ᠢᠶᠠᠨ ᠬᠡᠤᠬᠡᠳ ᠨᠢᠬᠡ ᠪᠦᠷᠢ ᠶᠢᠨ ᠪᠡᠶ᠎ᠡ ᠲᠡᠭᠡᠷ᠎ᠡ ᠵᠤᠷᠢᠭᠤᠯᠬᠤ ᠪᠠᠷ ᠴᠢᠷᠮᠠᠶᠢᠭᠰᠠᠭᠠᠷ ᠢᠷᠡᠭᠰᠡᠨ ᠶᠤᠮ︾ ᠬᠡᠵᠤ ᠮᠦᠴᠢᠷ ᠰᠤᠷᠪᠤᠯᠵᠢᠯᠠᠭᠴᠢ ᠳᠤ ᠶᠠᠷᠢᠯ᠎ᠠ᠃     ᠴᠡᠴᠡᠷᠯᠢᠭ ᠤᠨ ᠪᠠᠭᠰᠢ ᠶᠢᠨ ᠠᠵᠢᠯ ᠨᠢ ᠬᠦᠴᠢᠷ ᠪᠡᠷᠬᠡᠰᠢᠶᠠᠯ ᠲᠠᠢ ᠬᠡᠬᠦ ᠳᠤ ᠤᠯᠤᠯᠳᠠ ᠲᠦᠷᠦᠭᠳᠠᠯ ᠪᠠᠰᠠ ᠤᠯᠠᠨ ᠪᠠᠶᠢᠳᠠᠭ᠃ ᠡᠳᠡᠬᠡᠷ ᠵᠢᠯ ᠤᠳ ᠲᠤ ᠪᠢ ᠬᠠᠶᠢᠷ᠎ᠠ ᠰᠡᠳᠬᠢᠯᠭᠡ᠂ ᠲᠡᠰᠪᠤᠷᠢ ᠲᠡᠪᠴᠢᠶᠠᠷᠢ᠂ ᠨᠠᠷᠢᠨ ᠬᠢᠨᠠᠮᠠᠭᠠᠢ ᠤᠪᠤᠷ ᠢᠶᠠᠨ ᠬᠡᠤᠬᠡᠳ ᠨᠢᠬᠡ ᠪᠦᠷᠢ ᠶᠢᠨ ᠪᠡᠶ᠎ᠡ ᠲᠡᠬᠡᠷ᠎ᠡ ᠵᠤᠷᠢᠭᠤᠯᠬᠤ ᠪᠠᠷ ᠴᠢᠷᠮᠠᠶᠢᠭᠰᠠᠭᠠᠷ ᠢᠷᠡᠭᠰᠡᠨ ᠶᠤᠮ︾ ᠬᠡᠵᠤ ᠮᠦᠴᠢᠷ ᠰᠤᠷᠪᠤᠯᠵᠢᠯᠠᠭᠴᠢ ᠳᠤ ᠶᠠᠷᠢᠯ᠎ᠠ᠃     ᠴᠡᠴᠡᠷᠯᠢᠭ ᠤᠨ ᠪᠠᠭᠰᠢ ᠶᠢᠨ ᠠᠵᠢᠯ ᠨᠢ ᠬᠦᠴᠢᠷ ᠪᠡᠷᠬᠡᠰᠢᠶᠠᠯ ᠲᠠᠢ ᠬᠡᠬᠦ ᠳᠤ ᠤᠯᠤᠯᠳᠠ ᠲᠦᠷᠦᠭᠳᠠᠯ ᠪᠠᠰᠠ ᠤᠯᠠᠨ ᠪᠠᠶᠢᠳᠠᠭ᠃ ᠡᠳᠡᠬᠡᠷ ᠵᠢᠯ ᠤᠳ ᠲᠤ ᠲᠡᠷᠡ ᠡᠯᠪᠡᠭ ᠪᠠᠶᠠᠯᠢᠭ ᠠᠵᠢᠯ ᠤᠨ ᠲᠤᠷᠰᠢᠯᠭ᠎ᠠ ᠶᠢ ᠬᠤᠷᠠᠮᠳᠤᠭᠤᠯᠤᠭᠰᠡᠨ ᠠᠴᠠ ᠠᠵᠢᠯ ᠤᠨ ᠲᠤᠮᠳᠠ ᠶᠠᠮᠠᠷ ᠤᠴᠢᠷ ᠶᠠᠪᠤᠳᠠᠯ ᠲᠤᠬᠢᠶᠠᠯᠳᠤᠭᠰᠡᠨ ᠴᠦ ᠲᠡᠬᠦᠰ ᠠᠮᠵᠢᠯᠳᠠ  ᠲᠠᠢ ᠰᠢᠢᠳᠪᠤᠷᠢᠯᠡᠴᠢᠬᠡᠳᠡᠭ ᠪᠤᠯᠵᠠᠢ᠃ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠤᠯᠭᠠᠨ ᠪᠠᠭ᠎ᠠ ᠠᠩᠬᠢ ᠶᠢᠨ ᠬᠡᠤᠬᠡᠳ ᠤᠨ ᠲᠤᠳᠤᠷ᠎ᠠ ᠤᠬᠢᠯᠠᠵᠤ ᠤᠨᠵᠢᠨ ᠮᠠᠭᠤ ᠴᠢᠷᠠᠶᠢᠯᠠᠵᠤ᠂ ᠬᠡᠷ ᠤᠨ ᠠᠬᠠᠮᠠᠳ ᠠᠴᠠ ᠪᠠᠨ ᠰᠠᠯᠵᠤ ᠶᠠᠳᠠᠳᠠᠭ ᠬᠡᠤᠬᠡᠳ ᠤᠯᠠᠨ ᠪᠠᠶᠢᠳᠠᠭ᠃ ᠡᠨᠡ ᠦᠶᠡᠰ ᠮᠦᠴᠢᠷ ᠪᠠᠭᠰᠢ  ᠤᠬᠢᠯᠠᠭᠰᠡᠨ ᠬᠡᠣᠬᠡᠳ ᠢ ᠲᠠᠪᠳᠠᠨ ᠠᠪᠴᠦ ᠲᠤᠤᠷ᠎ᠠ ᠲᠠᠭᠤᠨ ᠢᠶᠠᠷ ᠲᠠᠶᠢᠳᠬᠤᠷᠠᠭᠤᠯᠤᠨ ᠠᠷᠭᠠᠳᠠᠵᠤ᠂ ᠦᠯᠢᠬᠡᠷ ᠶᠠᠷᠢᠨ ᠲᠠᠭᠤᠤ ᠲᠠᠭᠤᠯᠠᠨ ᠦᠭᠴᠦ ᠨᠠᠭᠠᠳᠤᠮ ᠲᠤᠭᠯᠠᠭᠠᠮ ᠢᠶᠠᠷ ᠲᠠᠳᠠᠨ ᠤ ᠠᠩᠬᠠᠷᠤᠯ ᠢ ᠲᠠᠳᠠᠵᠤ᠂ ᠴᠡᠴᠡᠷᠯᠢᠭ ᠲᠤ ᠤᠷᠤᠬᠤ ᠪᠤᠯ ᠲᠤᠶᠢᠯ ᠤᠨ ᠪᠠᠶᠠᠷ ᠲᠠᠢ ᠶᠠᠪᠤᠳᠠᠯ ᠮᠦᠨ ᠬᠡᠳᠡᠭ ᠢ ᠬᠠᠶᠢᠷ᠎ᠠ ᠪᠠᠷ ᠮᠡᠳᠡᠷᠡᠬᠦᠯᠳᠡᠭ ᠠᠴᠠ ᠬᠡᠤᠬᠡᠳ ᠤᠳ ᠲᠠᠮᠠᠢ ᠤᠳᠠᠬᠤ ᠦᠬᠡᠢ ᠰᠢᠨ᠎ᠠ ᠤᠷᠴᠢᠨ ᠳᠠᠭᠠᠨ ᠲᠡᠳᠴᠢᠬᠠᠳᠠᠭ ᠪᠠᠶᠢᠯ᠎ᠠ᠃     ᠨᠢᠬᠡᠨ ᠰᠢᠯᠢᠳᠡᠭ ᠪᠠᠭᠰᠢ ᠪᠤᠯᠬᠤ ᠳᠤ ᠬᠡᠷ ᠤᠨ ᠠᠬᠠᠮᠠᠳ ᠤᠨ ᠲᠡᠮᠵᠢᠯᠬᠡ ᠠᠴᠠ ᠰᠠᠯᠵᠤ ᠴᠢᠳᠠᠬᠤ ᠦᠬᠡᠢ᠂ ᠬᠡᠷ ᠤᠨ ᠠᠬᠠᠮᠠᠳ ᠲᠠᠢ ᠦᠷᠬᠦᠯᠵᠢ ᠬᠠᠷᠢᠯᠴᠠᠵᠤ᠂ ᠲᠡᠳᠡᠨ ᠤ ᠢᠳᠡᠬᠡᠯ ᠲᠡᠮᠵᠢᠯᠬᠡ ᠶᠢ ᠤᠯᠬᠤ ᠬᠡᠷᠡᠭᠳᠠᠢ᠃ ᠬᠡᠤᠬᠡᠳ ᠤᠨ ᠬᠡᠷ ᠤᠨ ᠰᠤᠷᠪᠤᠯᠵᠢᠯᠠᠭ᠎ᠠ ᠶᠢᠨ ᠠᠵᠢᠯ ᠲᠤᠶᠢᠯ ᠤᠨ ᠴᠢᠬᠤᠯᠠ ᠪᠠᠶᠢᠵᠤ᠂ ᠬᠡᠷ ᠤᠨ ᠠᠬᠠᠮᠠᠳ ᠲᠠᠢ ᠰᠠᠶᠢᠳᠤᠷ ᠬᠠᠷᠢᠯᠴᠠᠨ ᠨᠡᠪᠳᠡᠷᠡᠯᠴᠡᠵᠤ ᠪᠠᠶᠢᠮᠠᠨᠵᠢᠨ ᠰᠠᠶ᠋ᠢ ᠠᠩᠬᠢ ᠶᠢᠨ ᠡᠯ᠎ᠡ  ᠵᠤᠶᠢᠯ ᠤᠨ ᠠᠵᠢᠯᠯᠠᠭ᠎ᠠ ᠳᠠᠭᠠᠨ ᠬᠡᠷ  ᠤᠨ ᠠᠬᠠᠮᠠᠳ ᠤᠨ ᠲᠡᠮᠵᠢᠯᠬᠡ ᠶᠢ ᠤᠯᠵᠤ᠂ ᠠᠰᠠᠭᠤᠳᠠᠯ ᠭᠠᠷᠤᠭᠰᠡᠨ ᠴᠦ ᠠᠮᠠᠷᠬᠠᠨ ᠰᠢᠢᠳᠪᠤᠷᠢᠯᠡᠵᠤ ᠲᠠᠶᠢᠯᠳᠡᠭ᠃ ᠮᠦᠴᠢᠷ ᠬᠡᠷ ᠤᠨ ᠠᠬᠠᠮᠠᠳ ᠤᠨ ᠬᠤᠷᠠᠯ ᠬᠢᠬᠦ᠂ ᠵᠢᠷᠬᠢᠶ᠎ᠠ ᠪᠠᠷ ᠬᠠᠷᠢᠯᠴᠠᠬᠤ᠂ ᠤᠳᠠᠰᠤᠳᠠᠬᠤ᠂ ᠬᠡᠷ ᠤᠨ ᠠᠬᠠᠮᠠᠳ  ᠤᠨ ᠰᠠᠨᠠᠯ ᠢ ᠬᠤᠷᠢᠶᠠᠬᠤ᠂ ᠬᠡᠷ ᠤᠨ ᠠᠬᠠᠮᠠᠳ ᠲᠤ ᠵᠠᠬᠢᠳᠠᠯ ᠪᠢᠴᠢᠬᠦ ᠵᠡᠷᠬᠡ ᠠᠷᠭ᠎ᠠ ᠬᠡᠯᠪᠡᠷᠢ ᠶᠢ ᠠᠰᠢᠭᠯᠠᠬᠤ ᠪᠤᠶᠤ ᠤᠷᠤᠢ ᠴᠡᠴᠡᠷᠯᠢᠭ ᠲᠤ ᠬᠡᠤᠬᠡᠳ ᠢᠶᠠᠨ ᠲᠤᠰᠬᠤ ᠪᠠᠷ ᠢᠷᠡᠬᠦ ᠳᠤᠨᠢ ᠬᠡᠤᠬᠡᠳ ᠤᠨ ᠬᠢᠨᠢ ᠴᠡᠴᠡᠷᠯᠢᠭ ᠲᠤ ᠪᠠᠶᠢᠬᠤ ᠪᠠᠶᠢᠳᠠᠯ ᠢ ᠴᠠᠭ ᠲᠤᠬᠠᠢ ᠳᠤᠨᠢ ᠬᠠᠷᠢᠭᠤ ᠮᠡᠳᠡᠬᠦᠯᠳᠡᠭ ᠪᠠᠶᠢᠯ᠎ᠠ᠃ ᠠᠩᠬᠢ ᠶᠢᠨ ᠡᠯ᠎ᠡ ᠵᠤᠶᠢᠯ ᠤᠨ ᠠᠵᠢᠯᠯᠠᠭ᠎ᠠ ᠶᠢ ᠦᠷᠨᠢᠬᠦᠯᠬᠦ ᠦᠶᠡᠰ ᠬᠡᠷ ᠤᠨ ᠠᠬᠠᠮᠠᠳ ᠤᠨ ᠰᠠᠨᠠᠯ ᠢ ᠬᠤᠷᠢᠶᠠᠨ ᠬᠡᠷ ᠤᠨ ᠠᠬᠠᠮᠠᠳ ᠲᠠᠢ ᠵᠦᠪᠳᠡᠯᠴᠠᠳᠡᠭ ᠠᠴᠠ ᠲᠡᠳᠡᠨ ᠤ ᠠᠩᠬᠢ ᠶᠢᠨ ᠡᠯ᠎ᠡ ᠵᠤᠶᠢᠯ ᠤᠨ ᠠᠵᠢᠯᠯᠠᠭ᠎ᠠ ᠨᠢ ᠤᠳᠠᠭ᠎ᠠ ᠪᠦᠷᠢ ᠤᠷᠤᠭᠰᠢᠳᠠᠢ ᠶᠠᠪᠤᠭᠳᠠᠵᠤ ᠲᠠᠶᠢᠯᠳᠡᠭ ᠮᠦᠷᠳᠡᠬᠡᠨ ᠬᠡᠷ ᠤᠨ ᠠᠬᠠᠮᠠᠳ ᠴᠦ ᠬᠡᠤᠬᠡᠳ ᠢᠶᠠᠨ ᠲᠡᠬᠦᠨ ᠳᠤ ᠲᠤᠰᠢᠶᠠᠵᠤ ᠦᠭᠬᠦᠭᠰᠡᠨ ᠳᠡᠭᠡᠨ ᠰᠠᠨᠠᠭ᠎ᠠ ᠠᠮᠦᠷ ᠪᠠᠶᠢᠳᠠᠭ ᠠᠵᠢ᠃     ᠲᠡᠷᠠ ᠠᠵᠢᠯ ᠤᠨ ᠲᠤᠮᠳᠠ ᠪᠠᠨ ᠠᠩᠬᠢ ᠶᠢᠨ ᠪᠠᠭᠰᠢ ᠶᠢᠨ ᠬᠤᠭᠤᠷᠤᠨᠳᠤᠬᠢ ᠠᠵᠢᠯ ᠢ ᠵᠤᠬᠢᠴᠠᠭᠤᠯᠬᠤ ᠪᠠᠷ ᠪᠠᠷᠠᠬᠤ ᠦᠬᠡᠢ ᠲᠤᠰ ᠪᠡᠶ᠎ᠡ ᠶᠢᠨ ᠬᠦᠳᠦᠯᠦᠨ ᠲᠠᠭᠠᠭᠤᠯᠬᠤ ᠤᠶᠢᠯᠡᠳᠤᠯ ᠢᠶᠠᠨ ᠪᠠᠳᠠᠷᠠᠭᠤᠯᠵᠤ᠂ ᠠᠩᠬᠢ ᠶᠢᠨ ᠪᠠᠭᠰᠢ ᠨᠠᠷ ᠤᠨ ᠬᠠᠮᠳᠤ ᠪᠠᠷ ᠦᠰᠦᠨ ᠪᠤᠶᠢᠵᠢᠬᠤ ᠶᠢ ᠲᠠᠶᠢᠴᠢᠯᠠᠭᠰᠠᠭᠠᠷ ᠢᠷᠡᠵᠠᠢ᠃ ᠲᠡᠬᠦᠨ ᠤ ᠤᠳᠤ ᠶᠢᠨ ᠬᠤᠶᠠᠷ ᠬᠠᠮᠵᠢᠭᠴᠢ ᠨᠢ ᠪᠦᠷ ᠵᠠᠯᠠᠭᠤ ᠪᠠᠭᠰᠢ ᠪᠤᠯᠬᠤᠷ ᠲᠡᠳᠡᠨ ᠳᠤ ᠬᠡᠷ ᠤᠨ ᠠᠬᠠᠮᠠᠳ ᠤᠨ ᠠᠵᠢᠯ ᠢ ᠬᠡᠷᠬᠢᠨ ᠬᠠᠷᠢᠯᠴᠠᠬᠤ᠂ ᠪᠠᠭ᠎ᠠ ᠠᠩᠬᠢ ᠶᠢᠨ ᠬᠡᠤᠬᠡᠳ ᠤᠨ ᠴᠡᠴᠡᠷᠯᠢᠭ ᠲᠤ ᠤᠷᠤᠬᠤ ᠵᠤᠪᠠᠨᠢᠯ ᠢ ᠬᠡᠷᠬᠢᠨ ᠠᠷᠢᠯᠭᠠᠬᠤ᠂ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠠᠵᠢᠯ ᠢ ᠬᠡᠷᠬᠢᠨ ᠦᠷᠨᠢᠬᠦᠯᠬᠦ ᠵᠡᠷᠬᠡ ᠠᠰᠠᠭᠤᠳᠠᠯ ᠢ ᠬᠦᠯᠢᠴᠡᠩᠬᠦᠢ ᠪᠠᠷ ᠲᠠᠶᠢᠯᠪᠤᠷᠢᠯᠠᠨ ᠦᠭᠴᠦ᠂ ᠴᠠᠭ ᠢᠮᠠᠭᠳᠠ ᠪᠡᠶ᠎ᠡ ᠪᠠᠷ ᠢᠶᠠᠨ ᠬᠡᠪ ᠲᠠᠭᠤᠷᠢᠶᠠᠯ ᠪᠤᠯᠵᠤ᠂ ᠠᠩᠬᠢ ᠶᠢᠨ ᠡᠷᠬᠢᠯᠡᠭᠴᠢ ᠶᠢᠨ ᠬᠦᠳᠦᠯᠦᠨ ᠲᠠᠭᠠᠭᠤᠯᠬᠤ ᠲᠠᠭᠤᠷᠢᠶᠠᠯ ᠦᠵᠡᠬᠦᠯᠬᠦ ᠤᠶᠢᠯᠡᠳᠤᠯ ᠢ ᠪᠠᠳᠠᠷᠠᠭᠤᠯᠤᠭᠰᠡᠨ ᠪᠠᠶᠢᠨ᠎ᠠ᠃      ︽ᠬᠦᠮᠦᠨ ᠤ ᠠᠮᠢᠳᠤᠷᠠᠯ ᠤᠨ ᠤᠳᠬ᠎ᠠ ᠠᠭᠤᠯᠭ᠎ᠠ ᠨᠢ ᠴᠢᠷᠮᠠᠶᠢᠨ ᠲᠡᠮᠡᠴᠡᠬᠦ ᠳᠤ ᠪᠠᠶᠢᠳᠠᠭ᠂ ᠬᠤᠶᠢᠰᠢᠳᠠ ᠪᠢ ᠦᠷᠬᠦᠯᠵᠢᠯᠡᠨ ᠰᠢᠨᠳᠠᠷᠠᠰᠢ ᠦᠬᠡᠢ ᠴᠢᠷᠮᠠᠶᠢᠨ᠂ ᠬᠠᠶᠢᠷ᠎ᠠ ᠰᠡᠳᠬᠢᠯᠬᠡ ᠢᠳᠡᠬᠡᠯ ᠪᠢᠰᠢᠷᠡᠯ ᠢᠶᠠᠨ ᠪᠠᠭᠰᠢ ᠶᠢᠨ ᠠᠵᠢᠯ ᠳᠠᠭᠠᠨ ᠵᠤᠷᠢᠭᠤᠯᠵᠤ᠂ ᠪᠤᠳᠠᠳᠤ ᠤᠶᠢᠯᠡ ᠠᠵᠢᠯᠯᠠᠭ᠎ᠠ ᠪᠠᠷ ᠢᠶᠠᠨ ᠠᠵᠢᠯ ᠤᠶᠢᠯᠡᠰ ᠤᠨ ᠢᠶᠠᠨ ᠰᠢᠨ᠎ᠠ ᠠᠮᠵᠢᠯᠳᠠ ᠶᠢ ᠪᠢᠴᠢᠭᠯᠡᠨ᠎ᠠ︾ ᠬᠡᠵᠤ ᠮᠦᠴᠢᠷ ᠶᠠᠷᠢᠯ᠎ᠠ᠃
ᠢᠷᠡᠯᠲᠡ᠄ ᠤᠷᠳᠤᠰ ᠮᠤᠩᠭᠤᠯ ᠰᠦᠯᠵᠢᠶ᠎ᠠ