| ᠦᠭᠡᠷ᠎ᠡ ᠨᠡᠷ᠎ᠡ ᠨᠢ ᠮᠦ ᠹᠦ᠋ ᠽᠢ᠂ ᠬᠢᠲᠠᠳ ᠦᠨᠳᠦᠰᠦᠲᠡᠨ᠂ ᠶᠡᠭᠡ ᠵᠤᠤ ᠶᠢᠨ ᠴᠢᠭᠤᠯᠭᠠᠨ ᠤ ᠤᠲᠤᠭ ᠬᠤᠰᠢᠭᠤᠨ ᠤ ᠦᠮᠡᠬᠡᠶᠢᠨᠠᠭᠤᠷ ᠤᠨ ᠬᠦᠮᠦᠨ᠃ | 1939 ᠤᠨ ᠳᠤ᠂ ᠨᠠᠢᠮᠠᠳᠣᠭᠠᠷ ᠵᠠᠮ ᠤᠨ ᠴᠡᠷᠢᠭ ᠤᠨ ᠲᠣᠭᠤᠷᠢᠮ ᠳᠤ ᠰᠠᠭᠤᠭ᠎ᠠ ᠮᠣᠷᠢᠲᠤ ᠴᠡᠷᠢᠭ ᠤᠨ ᠬᠤᠷᠢᠶᠠᠨ ᠤ ᠪᠠᠶᠢᠯᠳᠣᠭᠴᠢ ᠪᠤᠯᠤᠭᠠᠳ᠂ ᠮᠦᠨ ᠵᠢᠯ | ᠳᠤ ᠡᠪ ᠬᠠᠮᠲᠣ ᠨᠠᠮ ᠳᠤ ᠡᠯᠰᠡᠭᠳᠡᠵᠡᠢ᠃ | 1948 ᠤᠨ ᠳᠤ ᠳ᠋ᠦᠩᠱᠧᠩ᠂ ᠵᠢᠶᠦ᠋ᠨ ᠸᠠᠩ ᠤᠨ ᠫᠠᠷᠲ᠋ᠢᠽᠠᠨ ᠠᠩᠭᠢ ᠶᠢᠨ ᠳᠠᠷᠤᠭ᠎ᠠ ᠪᠣᠯᠪᠠ᠃ | 1948 ᠣᠨ ᠤ 9 ᠰᠠᠷ᠎ᠠ ᠶᠢᠨ 17 ︵ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠠᠷᠪᠠᠨ ᠲᠠᠪᠤᠨ︶ ᠤ ᠦᠳᠡᠰᠢ᠂ ᠭᠤᠮᠢᠨᠳᠠᠩ ᠤᠨ ᠣᠯᠣᠰ ᠤᠨ | ᠪᠠᠲᠣᠯᠠᠨ ᠬᠠᠮᠠᠭᠠᠯᠠᠬᠤ ᠶᠠᠮᠤᠨ ᠤ ᠮᠡᠳᠡᠭᠡ ᠴᠢᠮᠡᠭᠡᠯᠡᠯ ᠤᠨ ᠳᠣᠭᠤᠶᠢᠯᠠᠩ ᠤᠨ ᠴᠢ ᠶᠸᠦ ᠽᠢ᠂ ᠬᠤᠷᠢᠨ ᠬᠤᠶᠠᠳᠣᠭᠠᠷ ᠠᠷᠮᠠᠢ ᠶᠢᠨ ᠰᠢᠶᠤᠤ ᠵᠠᠨ ᠪᠢᠶᠤᠤ ᠶᠢᠨ ᠴᠡᠷᠢᠭ | ᠪᠤᠯᠤᠨ ᠭᠠᠵᠠᠷ ᠤᠷᠤᠨ ᠤ ᠴᠡᠷᠢᠭ 100 ᠭᠠᠷᠣᠢ ᠬᠦᠮᠦᠨ ᠪᠤᠯᠵᠤ᠂ ᠳ᠋ᠦᠩᠱᠧᠩ᠂ ᠵᠢᠶᠦ᠋ᠨ ᠸᠠᠩ ᠤᠨ ᠫᠠᠷᠲ᠋ᠢᠽᠠᠨ ᠠᠩᠭᠢ ᠶᠢᠨ ᠰᠠᠭᠤᠭ᠎ᠠ ᠲᠦᠢ ᠮᠦᠸᠧ ᠯᠢᠶᠠᠩ | ᠳᠠᠬᠢ ᠨᠢᠭᠡ ᠲᠠᠷᠢᠶᠠᠴᠢᠨ ᠡᠷᠦᠬᠡ ᠶᠢᠨ ᠭᠡᠷ ᠢ ᠪᠦᠰᠡᠯᠡᠵᠦ ᠠᠪᠤᠪᠠ᠃ ᠫᠠᠷᠲ᠋ᠢᠽᠠᠨ ᠠᠩᠭᠢ ᠶᠢᠨ ᠬᠠᠷᠠᠭᠤᠯ ᠤᠨ ᠴᠡᠷᠢᠭ ᠰᠡᠷᠡᠵᠦ ᠮᠡᠳᠡᠭᠡᠳ ᠫᠤᠤ ᠫᠤᠤᠳᠠᠨ | ᠡᠰᠡᠷᠭᠦᠴᠡᠭᠰᠡᠨ ᠳᠤ ᠪᠣᠰᠣᠳ ᠫᠠᠷᠲ᠋ᠢᠽᠠᠨ ᠴᠡᠷᠢᠭ ᠤᠳ ᠴᠦᠮ ᠪᠤᠰᠴᠣ ᠢᠷᠡᠭᠡᠳ ᠪᠠᠶᠢᠯᠳᠣᠭᠠᠨ ᠳᠤ ᠪᠠᠭᠠᠲᠣᠷᠯᠠᠨ ᠣᠷᠣᠯᠴᠠᠪᠠ᠃ ᠬᠤᠶᠠᠷ ᠲᠠᠯ᠎ᠠ ᠪᠠᠷ ᠢᠶᠠᠨ ᠴᠠᠭ | ᠬᠢᠷᠢᠲᠡᠢ ᠪᠠᠶᠢᠯᠳᠣᠭᠠᠳ ᠫᠠᠷᠲ᠋ᠢᠽᠠᠨ ᠠᠩᠭᠢ ᠲᠠᠰᠣᠷᠠᠯᠲᠠ ᠦᠭᠡᠢ ᠭᠠᠯᠯᠠᠨ ᠡᠰᠡᠷᠭᠦᠦ ᠴᠡᠷᠢᠭ ᠢ ᠴᠣᠬᠢᠨ ᠣᠬᠤᠷᠢᠭᠤᠯᠵᠣ᠂ ᠢᠯᠠᠭᠰᠠᠨ ᠡᠷᠴᠢᠨ ᠳᠡᠭᠡᠷ᠎ᠡ ᠪᠠᠨ | ᠨᠡᠬᠡᠮᠵᠢᠯᠡᠨ ᠴᠣᠬᠢᠬᠤ ᠶᠠᠪᠣᠴᠠ ᠳᠤ ᠮᠦ ᠭᠦᠢ ᠴᠧᠩ ᠰᠣᠮᠣᠨ ᠳᠤ ᠣᠨᠣᠭᠳᠠᠭᠠᠳ ᠪᠡᠶ᠎ᠡ ᠦᠷᠡᠭᠳᠡᠵᠡᠢ᠃ | ᠲᠦᠷᠦᠭᠰᠡᠨ ᠣᠨ ᠰᠠᠷ᠎ᠠ ᠨᠢ ᠴᠣ᠋ ᠲᠣᠳᠣᠷᠬᠠᠢ ᠦᠭᠡᠢ᠂ ᠲᠡᠦᠬᠡᠨ ᠳᠡᠮᠳᠡᠭᠯᠡᠯ ᠳᠤ ᠠᠯᠳᠠᠷ ᠭᠠᠪᠢᠶ᠎ᠠ ᠪᠠᠨ ᠳᠠᠭᠤᠷᠢᠰᠣᠭᠤᠯᠣᠭᠰᠠᠨ ᠦᠭᠡᠢ ᠴᠦ ᠲᠦᠮᠡᠨ ᠠᠷᠠᠳ | ᠤᠨ ᠴᠢᠯᠦᠭᠡᠯᠡᠯᠲᠡ ᠶᠢᠨ ᠦᠢᠯᠡᠰ ᠲᠤ ᠬᠠᠯᠠᠭᠤᠨ ᠠᠮᠢ ᠪᠠᠨ ᠵᠣᠷᠢᠭᠤᠯᠣᠭᠰᠠᠨ ᠮᠦ ᠭᠦᠢ ᠴᠧᠩ ᠮᠡᠲᠦ ᠶᠢᠨ ᠬᠤᠪᠢᠰᠬᠠᠯᠴᠢ ᠪᠠᠭᠠᠲᠣᠷᠴᠣᠳ ᠤᠨ ᠠᠯᠳᠠᠷ ᠨᠡᠷ᠎ᠡ | ᠲᠦᠮᠡᠨ ᠤ ᠰᠡᠳᠭᠢᠯ ᠤᠨ ᠲᠣᠷᠠᠰᠬᠠᠯ ᠤᠨ ᠬᠦᠰᠢᠶᠡᠨᠡ ᠮᠦᠩᠭᠡ ᠰᠢᠢᠯᠦᠭᠡᠰᠦᠲᠡᠢ︕ | |