【ᠰᠦᠯᠵᠢᠶᠠᠨ ᠤ ᠠᠮᠦᠷ ᠲᠦᠪᠰᠢᠨ ᠤ ᠤᠬᠠᠭᠤᠯᠭ᠎ᠠ ᠶᠢᠨ ᠭᠠᠷᠠᠭ】ᠲᠤᠤᠷ ᠰᠦᠯᠵᠢᠶᠠᠨ ᠤ ᠠᠮᠦᠷ ᠲᠦᠪᠰᠢᠨ ᠤ ᠲᠦᠷᠪᠡᠨ ᠶᠡᠭᠡ ᠲᠦᠪᠯᠡᠷᠡᠯ ᠤᠨ ᠴᠡᠭ
ᠨᠡᠶᠢᠲᠡᠯᠡᠭᠰᠡᠨ ᠴᠠᠭ᠄
2023/9/15
      ᠲᠦᠪᠯᠡᠷᠡᠯ ᠤᠨ ᠴᠡᠭ ᠨᠢᠬᠡ᠄  ᠬᠤᠪᠢ ᠬᠦᠮᠦᠨ ᠤ ᠰᠤᠷᠠᠭ ᠵᠠᠩᠬᠢ ᠶᠢ ᠴᠤᠭᠯᠠᠭᠤᠯᠬᠤ ᠠᠵᠢᠯᠯᠠᠭ᠎ᠠ ᠶᠢ ᠬᠡᠷᠬᠢᠨ ᠲᠦᠷᠢᠮᠵᠢᠬᠦᠯᠬᠦ      ᠬᠠᠤᠯᠢ ᠶᠢᠨ ᠲᠤᠭᠳᠠᠭᠠᠯ᠄ ᠲᠦᠴᠢᠨ ᠨᠢᠬᠡᠳᠦᠬᠡᠷ ᠵᠤᠷᠪᠤᠰ ᠲᠤ ᠲᠤᠭᠳᠠᠭᠠᠭᠰᠡᠨ ᠢᠶᠠᠷ᠂ ᠰᠦᠯᠵᠢᠶ᠎ᠠ ᠡᠵᠡᠩᠨᠡᠭᠴᠢ ᠠᠴᠠ ᠬᠤᠪᠢ ᠬᠦᠮᠦᠨ ᠤ ᠰᠤᠷᠠᠭ ᠵᠠᠩᠬᠢ  ᠶᠢ ᠴᠤᠭᠯᠠᠭᠤᠯᠬᠤ ᠪᠠ ᠬᠡᠷᠡᠭᠯᠡᠬᠦ ᠳᠡᠭᠡᠨ ᠬᠠᠤᠯᠢ ᠳᠤ ᠨᠡᠶᠢᠴᠡᠭᠰᠡᠨ᠂ ᠵᠦᠢ ᠵᠤᠬᠢᠰᠳᠠᠢ᠂ ᠴᠢᠬᠤᠯᠠ ᠲᠠᠢ ᠪᠠᠶᠢᠬᠤ ᠵᠠᠷᠴᠢᠮ ᠢ ᠵᠢᠷᠤᠮᠯᠠᠵᠤ᠂ ᠰᠤᠷᠠᠭ ᠵᠠᠩᠬᠢ ᠶᠢ ᠴᠤᠭᠯᠠᠭᠤᠯᠬᠤ᠂ ᠬᠡᠷᠡᠭᠯᠡᠬᠦ ᠵᠠᠷᠴᠢᠮ ᠢ ᠨᠡᠶᠢᠳᠡᠯᠡᠨ᠂ ᠰᠤᠷᠠᠭ ᠵᠠᠩᠬᠢ ᠶᠢ ᠴᠤᠭᠯᠠᠭᠤᠯᠬᠤ ᠪᠠ ᠬᠡᠷᠡᠭᠯᠡᠬᠦ ᠬᠠᠷᠠᠯᠳᠠ᠂ ᠠᠷᠭ᠎ᠠ ᠮᠠᠶ᠋ᠢᠭ ᠪᠠ ᠬᠡᠷᠡᠭᠯᠡᠬᠦ ᠬᠦᠷᠢᠶ᠎ᠠ ᠬᠡᠪᠴᠢᠶ᠎ᠠ  ᠶᠢ ᠲᠤᠳᠤᠷᠬᠠᠶᠢᠯᠠᠬᠤ ᠶᠢᠨ ᠲᠠᠭᠠᠦ ᠬᠤᠪᠢ ᠬᠦᠮᠦᠨ ᠤ ᠵᠦᠪᠰᠢᠶᠡᠷᠡᠯ ᠢ ᠤᠯᠤᠭᠰᠡᠨ ᠪᠠᠶᠢᠬᠤ ᠬᠡᠷᠡᠭᠳᠠᠢ ᠃      ᠲᠦᠪᠯᠡᠷᠡᠯ ᠤᠨ ᠴᠡᠭ ᠬᠤᠶᠠᠷ ᠄ ᠰᠤᠷᠠᠭ ᠵᠠᠩᠬᠢ ᠶᠢ ᠠᠷᠠᠯᠵᠢᠶᠠᠯᠠᠬᠤ ᠠᠰᠢᠭ ᠲᠤᠰᠠ ᠶᠢᠨ ᠬᠡᠯᠬᠢᠶ᠎ᠠ ᠶᠢ ᠬᠡᠷᠬᠢᠨ ᠲᠠᠰᠤᠯᠬᠤ      ᠬᠠᠤᠯᠢ ᠶᠢᠨ ᠲᠤᠭᠳᠠᠭᠠᠯ᠄ ᠲᠦᠴᠢᠨ ᠲᠦᠷᠪᠡᠳᠦᠬᠡᠷ ᠵᠤᠷᠪᠤᠰ ᠲᠤ ᠲᠤᠭᠳᠠᠭᠠᠭᠰᠡᠨ ᠢᠶᠠᠷ᠂ ᠶᠠᠮᠠᠷᠪᠠ ᠬᠤᠪᠢ ᠬᠦᠮᠦᠨ ᠪᠠ ᠵᠤᠬᠢᠶᠠᠨ ᠪᠠᠶᠢᠭᠤᠯᠤᠯᠳᠠ ᠨᠢ ᠬᠤᠪᠢ ᠬᠦᠮᠦᠨ ᠤ ᠰᠤᠷᠠᠭ ᠵᠠᠩᠬᠢ ᠶᠢ ᠬᠤᠯᠠᠭᠠᠶᠢᠯᠠᠬᠤ ᠪᠤᠶᠤ ᠪᠤᠰᠤᠳ ᠬᠠᠤᠯᠢ ᠪᠤᠰᠤ ᠠᠷᠭ᠎ᠠ ᠪᠠᠷ ᠭᠠᠷᠭᠠᠨ ᠠᠪᠴᠦ ᠪᠤᠯᠬᠤ ᠦᠬᠡᠢ᠂ ᠬᠤᠪᠢ ᠬᠦᠮᠦᠨ ᠤ ᠰᠤᠷᠠᠭ ᠵᠠᠩᠬᠢ ᠶᠢ ᠬᠠᠤᠯᠢ ᠪᠤᠰᠤ ᠪᠠᠷ ᠠᠷᠠᠯᠵᠢᠶᠠᠯᠠᠬᠤ ᠪᠤᠶᠤ ᠬᠠᠤᠯᠢ ᠪᠤᠰᠤ ᠪᠠᠷ ᠪᠤᠰᠤᠳ ᠲᠤ ᠬᠠᠩᠭᠠᠵᠤ ᠪᠤᠯᠬᠤ ᠦᠬᠡᠢ᠃      ᠲᠦᠪᠯᠡᠷᠡᠯ ᠤᠨ ᠴᠡᠭ ᠭᠤᠷᠪᠡ᠄ ᠬᠤᠪᠢ ᠬᠦᠮᠦᠨ ᠤ ᠰᠤᠷᠠᠭ ᠵᠠᠩᠬᠢ ᠶᠢ ᠵᠠᠳᠠᠷᠠᠭᠤᠯᠪᠠᠯ ᠬᠡᠷᠬᠢᠨ ᠪᠠᠴᠢᠮ ᠪᠠᠶᠢᠳᠠᠯ ᠢ ᠠᠷᠭᠠᠴᠠᠬᠤ       ᠬᠠᠤᠯᠢ ᠶᠢᠨ ᠲᠤᠭᠳᠠᠭᠠᠯ᠄ ᠲᠦᠴᠢᠨ ᠬᠤᠶᠠᠳᠤᠭᠠᠷ ᠵᠤᠷᠪᠤᠰ ᠲᠤ ᠲᠤᠭᠳᠠᠭᠠᠭᠰᠡᠨ ᠢᠶᠠᠷ᠂ ᠰᠦᠯᠵᠢᠶ᠎ᠠ ᠡᠵᠡᠩᠨᠡᠭᠴᠢ ᠮᠡᠷᠬᠡᠵᠢᠯ ᠤᠨ ᠠᠷᠭ᠎ᠠ ᠪᠠᠷᠢᠯ ᠪᠤᠶᠤ ᠪᠤᠰᠤᠳ ᠠᠷᠭ᠎ᠠ ᠪᠠᠷᠢᠯ ᠢ ᠬᠡᠷᠡᠭᠯᠡᠨ᠂ ᠴᠤᠭᠯᠠᠭᠤᠯᠵᠤ ᠪᠠᠶᠢᠭ᠎ᠠ ᠬᠤᠪᠢ ᠬᠦᠮᠦᠨ ᠤ ᠰᠤᠷᠠᠭ ᠵᠠᠩᠬᠢ ᠶᠢᠨ ᠠᠮᠦᠷ ᠲᠦᠪᠰᠢᠨ ᠢ ᠪᠠᠳᠤᠯᠠᠵᠤ᠂ ᠰᠤᠷᠠᠭ ᠵᠠᠩᠬᠢ ᠶᠢ ᠭᠠᠳᠠᠭᠰᠢ ᠵᠠᠳᠠᠷᠠᠭᠤᠯᠬᠤ᠂ ᠡᠪᠳᠡᠬᠦ᠂ ᠬᠡᠬᠡᠭᠳᠡᠬᠦᠯᠬᠦ ᠠᠴᠠ ᠰᠡᠷᠬᠡᠶᠢᠯᠡᠬᠦ ᠬᠡᠷᠡᠭᠳᠠᠢ᠃ ᠰᠤᠷᠠᠭ ᠵᠠᠩᠬᠢ ᠶᠢ ᠵᠠᠳᠠᠷᠠᠭᠤᠯᠬᠤ᠂ ᠡᠪᠳᠡᠬᠦ᠂ ᠬᠡᠬᠡᠭᠳᠡᠬᠦᠯᠬᠦ ᠵᠡᠷᠬᠡ ᠪᠠᠶᠢᠳᠠᠯ ᠡᠬᠦᠰᠬᠦ ᠪᠤᠶᠤ ᠡᠬᠦᠰᠬᠦ ᠪᠤᠯᠤᠯᠴᠠᠭ᠎ᠠ ᠲᠠᠢ ᠦᠶ᠎ᠡ ᠳᠤ᠂ ᠲᠠᠷᠤᠢ ᠲᠦᠷᠬᠡᠨ ᠪᠠᠴᠢᠮ ᠪᠠᠶᠢᠳᠠᠯ ᠢ ᠠᠷᠭᠠᠴᠠᠬᠤ ᠠᠷᠭ᠎ᠠ ᠬᠡᠮᠵᠢᠶ᠎ᠠ ᠶᠢ ᠠᠪᠴᠦ᠂ ᠲᠤᠭᠳᠠᠭᠠᠯ ᠶᠤᠰᠤᠭᠠᠷ ᠴᠠᠭ ᠲᠤᠬᠠᠢ ᠳᠤᠨᠢ ᠬᠤᠪᠢ ᠬᠦᠮᠦᠨ ᠳᠤ ᠮᠡᠳᠡᠭᠳᠡᠬᠦ ᠶᠢᠨ ᠲᠠᠭᠠᠦ ᠬᠠᠮᠢᠶᠠᠳᠠᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠳᠡᠭᠰᠡᠨ ᠪᠠᠶᠢᠬᠤ ᠬᠡᠷᠡᠭᠳᠠᠢ᠃     ᠲᠦᠪᠯᠡᠷᠡᠯ ᠤᠨ ᠴᠡᠭ ᠲᠦᠷᠪᠡ᠄ ᠲᠤᠤᠷ ᠰᠦᠯᠵᠢᠶᠠᠨ ᠤ ᠮᠡᠬᠡᠯᠡᠯ ᠤᠨ ᠡᠬᠢ ᠡᠬᠦᠰᠦᠯ ᠠᠴᠠ ᠬᠡᠷᠬᠢᠨ ᠬᠠᠷᠢᠭᠤᠴᠠᠯᠭ᠎ᠠ ᠨᠡᠬᠡᠮᠵᠢᠯᠡᠬᠦ     ᠬᠠᠤᠯᠢ ᠶᠢᠨ ᠲᠤᠭᠳᠠᠭᠠᠯ᠄ ᠵᠢᠷᠠᠨ ᠲᠦᠷᠪᠡᠳᠦᠬᠡᠷ ᠵᠤᠷᠪᠤᠰ ᠲᠤ ᠲᠤᠭᠳᠠᠭᠠᠭᠰᠡᠨ ᠢᠶᠠᠷ᠂ ᠰᠦᠯᠵᠢᠶ᠎ᠠ ᠡᠵᠡᠩᠨᠡᠭᠴᠢ᠂ ᠰᠦᠯᠵᠢᠶᠠᠨ ᠤ ᠪᠦᠳᠦᠬᠡᠭᠳᠡᠬᠦᠨ ᠪᠤᠶᠤ ᠤᠶᠢᠯᠡᠴᠢᠯᠡᠭᠡ ᠶᠢᠨ ᠬᠠᠩᠭᠠᠭᠴᠢ ᠨᠢ ᠬᠤᠪᠢ ᠬᠦᠮᠦᠨ ᠤ ᠰᠤᠷᠠᠭ ᠵᠠᠩᠬᠢ ᠶᠢᠨ ᠬᠠᠤᠯᠢ ᠶᠤᠰᠤᠨ ᠤ ᠬᠠᠮᠠᠭᠠᠯᠠᠯᠳᠠ ᠬᠦᠷᠳᠡᠬᠦ ᠡᠷᠬᠡ ᠳᠤ ᠬᠠᠯᠳᠠᠭᠰᠡᠨ ᠪᠤᠯ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠵᠠᠷᠯᠢᠭᠳᠠᠨ ᠴᠡᠭᠴᠡᠯᠡᠯᠳᠠ ᠬᠢᠵᠤ᠂ ᠤᠶᠢᠯᠡ ᠶᠠᠪᠤᠳᠠᠯ ᠤᠨ ᠬᠦᠨᠳᠦ ᠬᠦᠩᠬᠡᠨ ᠢ ᠨᠢ ᠦᠨᠳᠦᠰᠦᠯᠡᠨ ᠰᠡᠷᠡᠮᠵᠢᠯᠡᠬᠦᠯᠬᠦ᠂ ᠬᠠᠤᠯᠢ ᠪᠤᠰᠤ ᠤᠯᠵᠠᠪᠤᠷᠢ ᠶᠢ ᠬᠤᠷᠢᠶᠠᠮᠵᠢᠯᠠᠬᠤ᠂ ᠬᠠᠤᠯᠢ ᠪᠤᠰᠤ ᠤᠯᠵᠠᠪᠤᠷᠢ ᠶᠢᠨ ᠨᠢᠬᠡ ᠲᠠᠬᠢᠨ ᠠᠴᠠ ᠲᠡᠬᠡᠭᠰᠢ ᠠᠷᠪᠡᠨ ᠲᠠᠬᠢᠨ ᠠᠴᠠ ᠲᠤᠷᠤᠭᠰᠢ ᠵᠤᠭᠤᠰ ᠢᠶᠠᠷ ᠲᠤᠷᠭᠠᠬᠤ ᠵᠡᠷᠬᠡ ᠰᠢᠢᠳᠬᠡᠯ ᠢ ᠲᠠᠩ ᠢᠶᠠᠷ ᠪᠤᠶᠤ ᠨᠡᠶᠢᠯᠡᠬᠦᠯᠦᠨ ᠬᠡᠷᠡᠭᠵᠢᠬᠦᠯᠵᠤ ᠪᠤᠯᠤᠨ᠎ᠠ᠂ ᠬᠠᠤᠯᠢ ᠪᠤᠰᠤ ᠤᠯᠵᠠᠪᠤᠷᠢ ᠦᠬᠡᠢ ᠶᠢ ᠨᠢ ᠵᠠᠭᠤᠨ ᠲᠦᠮᠡᠨ ᠲᠦᠬᠦᠷᠢᠭ  ᠠᠴᠠ ᠲᠤᠷᠤᠭᠰᠢ ᠵᠤᠭᠤᠰ ᠢᠶᠠᠷ ᠲᠤᠷᠭᠠᠨ᠎ᠠ᠃ ᠤᠶᠢᠯᠡ ᠶᠠᠪᠤᠳᠠᠯ ᠬᠦᠨᠳᠦ ᠨᠤᠴᠢᠳᠠᠢ ᠶᠢ ᠨᠢ ᠬᠠᠮᠢᠶ᠎ᠠ ᠪᠦᠬᠦᠢ ᠲᠤᠬᠠᠶᠢᠯᠠᠭᠰᠡᠨ ᠠᠵᠢᠯ ᠢ ᠨᠢ ᠵᠠᠷᠯᠢᠭᠳᠠᠨ ᠵᠤᠭᠰᠤᠭᠠᠵᠤ᠂ ᠴᠡᠭᠴᠡᠯᠡᠯᠳᠠ ᠬᠢᠵᠤ᠂ ᠰᠦᠯᠵᠢᠶ᠎ᠠ ᠶᠢ ᠨᠢ ᠵᠤᠭᠰᠤᠭᠠᠨ᠂ ᠲᠤᠬᠠᠶᠢᠯᠠᠭᠰᠡᠨ  ᠠᠵᠢᠯ ᠤᠨ ᠵᠦᠪᠰᠢᠶᠡᠷᠡᠯ ᠤᠨ ᠦᠨᠡᠮᠯᠡᠯ ᠪᠤᠶᠤ ᠡᠵᠡᠩᠨᠡᠯᠳᠠ ᠶᠢᠨ ᠦᠨᠡᠮᠯᠡᠯ ᠢ ᠨᠢ ᠬᠦᠴᠦᠨ ᠦᠬᠡᠢ ᠪᠤᠯᠭᠠᠵᠤ ᠪᠤᠯᠤᠨ᠎ᠠ᠃
ᠢᠷᠡᠯᠲᠡ᠄ ᠲᠤᠰ ᠰᠦᠯᠵᠢᠶ᠎ᠠ